ᠪᠠᠭ᠎ᠠ ᠰᠤᠷᠭᠠᠭᠤᠯᠢ ᠶ᠋ᠢᠨ ᠬᠡᠯᠡᠨ ᠦ᠌ ᠵᠦᠢ ᠶ᠋ᠢᠨ ᠮᠡᠳᠡᠯᠭᠡ᠂ ᠵᠥᠪ ᠪᠢᠴᠢᠬᠦ ᠶ᠋ᠢᠨ ᠲᠤᠰᠠᠯᠠᠮᠵᠢБага сургуулийн хэлний зүйн мэдлэг, зөв бичхийн тусламж ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭ᠎ᠠ ᠰᠤᠷᠭᠠᠭᠤᠯᠢ ᠶ᠋ᠢᠨ ᠬᠡᠯᠡᠨ ᠦ᠌ ᠵᠦᠢ ᠶ᠋ᠢᠨ ᠮᠡᠳᠡᠯᠭᠡ᠂ ᠵᠥᠪ ᠪᠢᠴᠢᠬᠦ ᠶ᠋ᠢᠨ ᠲᠤᠰᠠᠯᠠᠮᠵᠢБага сургуулийн хэлний зүйн мэдлэг, зөв бичхийн тусламж

ᠪᠠᠭ᠎ᠠ ᠰᠤᠷᠭᠠᠭᠤᠯᠢ ᠶ᠋ᠢᠨ ᠬᠡᠯᠡᠨ ᠦ᠌ ᠵᠦᠢ ᠶ᠋ᠢᠨ ᠮᠡᠳᠡᠯᠭᠡ᠂ ᠵᠥᠪ ᠪᠢᠴᠢᠬᠦ ᠶ᠋ᠢᠨ ᠲᠤᠰᠠᠯᠠᠮᠵᠢБага сургуулийн хэлний зүйн мэдлэг, зөв бичхийн тусламж

ᠠᠩᠭᠢᠯᠠᠯ:ᠬᠡᠯᠡ ᠪᠢᠴᠢᠭ
2025-04-16

4632

ᠪᠠᠭ᠎ᠠ ᠰᠤᠷᠭᠠᠭᠤᠯᠢ ᠶ᠋ᠢᠨ ᠬᠡᠯᠡᠨ ᠦ᠌ ᠵᠦᠢ ᠶ᠋ᠢᠨ ᠮᠡᠳᠡᠯᠭᠡ

           ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ 

 ᠦᠭᠡ ᠬᠤᠪᠢᠯᠭᠠᠬᠤ ᠳᠠᠭᠠᠪᠤᠷᠢ ᠨᠤᠭᠤᠳ ᠢ᠋ ᠬᠡᠷᠡᠭᠯᠡᠵᠦ ᠶᠠᠩᠵᠤ ᠪᠦᠷᠢ ᠶ᠋ᠢᠨ ᠬᠡᠯᠡᠨ ᠦ᠌ ᠵᠦᠢ ᠶ᠋ᠢᠨ ᠤᠳᠬ᠎ᠠ ᠶ᠋ᠢ ᠢᠯᠡᠳᠬᠡᠬᠦ ᠶᠣᠰᠣ ᠶ᠋ᠢ ᠦᠭᠡ ᠬᠤᠪᠢᠯᠭᠠᠬᠤ ᠶᠣᠰᠣ ᠭᠡᠨ᠎ᠡ᠃ ᠮᠣᠩᠭᠣᠯ ᠬᠡᠯᠡᠨ ᠦ᠌ ᠨᠡᠷ᠎ᠡ ᠦᠭᠡ ᠳ᠋ᠦ᠍ ᠲᠡᠢᠨ ᠢᠯᠭᠠᠯ ᠢ᠋ᠶ᠋ᠠᠷ ᠬᠤᠪᠢᠯᠭᠠᠬᠤ᠂ ᠣᠯᠠᠨ ᠲᠣᠭ᠎ᠠ ᠪᠠᠷ ᠬᠤᠪᠢᠯᠭᠠᠬᠤ᠂ ᠬᠠᠮᠢᠶᠠᠳᠠᠭᠤᠯᠬᠤ ᠶᠣᠰᠣ ᠪᠠᠷ ᠬᠤᠪᠢᠯᠭᠠᠬᠤ ᠭᠡᠬᠦ ᠵᠡᠷᠭᠡ ᠬᠡᠳᠦᠨ ᠵᠦᠢᠯ ᠦ᠋ᠨ ᠶᠣᠰᠣᠨ ᠪᠠᠢᠳᠠᠭ᠃

           ( ᠨᠢᠭᠡ)  ᠲᠡᠢᠨ ᠢᠯᠭᠠᠯ ᠢ᠋ᠶ᠋ᠠᠷ ᠬᠤᠪᠢᠯᠭᠠᠬᠤ 

     ᠦᠭᠡ ᠨᠦ᠍ᠭᠦᠳ ᠦ᠋ᠨ ᠬᠣᠭᠣᠷᠣᠨᠳᠣᠬᠢ ᠬᠠᠷᠢᠴᠠᠭ᠎ᠠ ᠪᠠ ᠥᠭᠦᠯᠡᠪᠦᠷᠢ ᠶ᠋ᠢᠨ ᠳᠣᠲᠣᠷᠠᠬᠢ ᠦᠭᠡᠰ ᠦ᠋ᠨ ᠬᠣᠭᠣᠷᠣᠨᠳᠣᠬᠢ ᠬᠠᠷᠢᠴᠠᠭ᠎ᠠ ᠶ᠋ᠢ ᠢᠯᠡᠳᠬᠡᠳᠡᠭ ᠨᠡᠷ᠎ᠡ ᠦᠭᠡ ᠶ᠋ᠢᠨ ᠬᠡᠯᠡᠨ ᠦ᠌ ᠵᠦᠢ ᠶ᠋ᠢᠨ ᠬᠡᠯᠪᠡᠷᠢ ᠶ᠋ᠢ ᠲᠡᠢᠨ ᠢᠯᠭᠠᠯ ᠭᠡᠨ᠎ᠡ᠃
ᠲᠡᠢᠨ ᠢᠯᠭᠠᠯ ᠭᠡᠳᠡᠭ ᠬᠡᠯᠡᠨ ᠦ᠌ ᠵᠦᠢ ᠶ᠋ᠢᠨ ᠬᠡᠯᠪᠡᠷᠢ ᠨᠢ ᠨᠡᠷ᠎ᠡ ᠦᠭᠡ ᠶ᠋ᠢᠨ ᠵᠦᠢᠯ ᠳ᠋ᠦ᠍ ᠬᠣᠯᠪᠣᠭᠳᠠᠬᠤ ᠪᠥᠭᠡᠳ ᠲᠡᠮᠳᠡᠭ ᠦᠭᠡ᠂ ᠲᠣᠭᠠᠨ ᠤ᠋ ᠦᠭᠡ ᠨᠢ ᠮᠥᠨ ᠲᠡᠢᠨ ᠢᠯᠭᠠᠯ ᠢ᠋ᠶ᠋ᠠᠷ ᠢᠯᠭᠠᠯᠯᠠᠭᠳᠠᠬᠤ ᠪᠣᠯᠪᠠᠴᠤ ᠵᠥᠪᠬᠡᠨ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠪᠡᠯ ᠰᠠᠶᠢ ᠲᠡᠢᠨ ᠢᠯᠭᠠᠯ ᠢ᠋ᠶ᠋ᠠᠷ ᠢᠯᠭᠠᠯᠯᠠᠭᠳᠠᠵᠤ ᠪᠠᠢᠨ᠎ᠠ᠃ ᠲᠡᠢᠨ ᠢᠯᠭᠠᠯ ᠳ᠋ᠤ᠌ ᠨᠡᠷᠡᠯᠡᠬᠦ᠂ ᠬᠠᠷᠢᠶᠠᠯᠠᠬᠤ᠂ ᠥᠭᠬᠦ ᠣᠷᠣᠰᠢᠬᠤ᠂ ᠵᠢᠭᠠᠬᠤ᠂ ᠭᠠᠷᠬᠤ᠂ ᠦᠢᠯᠡᠳᠬᠦ᠂ ᠬᠠᠮᠲᠤᠷᠠᠬᠤ ᠵᠡᠷᠭᠡ ᠳᠣᠯᠣᠭᠠᠨ ᠬᠡᠯᠪᠡᠷᠢ ᠪᠠᠢᠳᠠᠭ᠃ ᠮᠣᠩᠭᠣᠯ ᠬᠡᠯᠡᠨ ᠳ᠋ᠦ᠍ ᠵᠠᠷᠢᠮ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠪᠤᠰᠤᠳ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠪᠣᠯᠤᠨ᠎ᠠ᠃ ᠡᠢᠮᠦ ᠡᠴᠡ ᠮᠣᠩᠭᠣᠯ ᠬᠡᠯᠡᠨ ᠦ᠌ ᠲᠡᠢᠨ ᠢᠯᠭᠠᠯ ᠢ᠋ ᠡᠩ ᠦ᠋ᠨ ᠲᠡᠢᠨ ᠢᠯᠭᠠᠯ ᠪᠠ ᠳᠠᠪᠬᠤᠷ ᠲᠡᠢᠨ ᠢᠯᠭᠠᠯ ᠭᠡᠵᠦ ᠬᠣᠶᠠᠷ ᠵᠦᠢᠯ ᠳ᠋ᠦ᠍ ᠬᠤᠪᠢᠶᠠᠵᠤ ᠪᠣᠯᠤᠨ᠎ᠠ᠃

          1    ᠡᠩ ᠦ᠋ᠨ ᠲᠡᠢᠨ ᠢᠯᠭᠠᠯ

       ᠮᠣᠩᠭᠣᠯ ᠬᠡᠯᠡᠨ ᠳ᠋ᠦ᠍ ᠨᠡᠷᠡᠯᠡᠬᠦ᠂ ᠬᠠᠷᠢᠶᠠᠯᠠᠬᠤ᠂ ᠥᠭᠬᠦ ᠣᠷᠣᠰᠢᠬᠤ᠂ ᠵᠢᠭᠠᠬᠤ᠂ ᠭᠠᠷᠬᠤ᠂ ᠦᠢᠯᠡᠳᠬᠦ᠂ ᠬᠠᠮᠲᠤᠷᠠᠬᠤ ᠵᠡᠷᠭᠡ ᠳᠣᠯᠣᠭᠠᠨ ᠣᠷᠣᠨ ᠤ᠋ ᠬᠡᠯᠪᠡᠷᠢ ᠶ᠋ᠢᠨ ᠲᠡᠢᠨ ᠢᠯᠭᠠᠯ ᠢ᠋ ᠡᠩ ᠦ᠋ᠨ ᠲᠡᠢᠨ ᠢᠯᠭᠠᠯ ᠭᠡᠨ᠎ᠡ᠃

            ( 1)  ᠨᠡᠷᠡᠯᠡᠬᠦ ᠶ᠋ᠢᠨ ᠲᠡᠢᠨ ᠢᠯᠭᠠᠯ

       ᠮᠣᠩᠭᠣᠯ ᠬᠡᠯᠡᠨ ᠦ᠌ ᠨᠡᠷᠡᠯᠡᠬᠦ ᠶ᠋ᠢᠨ ᠲᠡᠢᠨ ᠢᠯᠭᠠᠯ ᠤ᠋ᠨ ᠬᠡᠯᠪᠡᠷᠢᠲᠦ ᠨᠡᠷ᠎ᠡ ᠦᠭᠡ ᠨᠢ ᠲᠤᠰᠬᠠᠢ ᠳᠠᠭᠠᠪᠤᠷᠢ ᠦᠭᠡᠢ᠃ ᠵᠥᠪᠬᠡᠨ ᠬᠡᠨ ᠪᠣᠢ? ᠶᠠᠭᠤ ᠪᠤᠢ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠨ᠎ᠠ᠃ ᠡᠭᠦᠨ ᠳ᠋ᠦ᠍《᠊᠊ᠨ 》 ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ《᠊᠊ᠨ》 ᠨᠢ ᠨᠡᠷᠡᠯᠡᠬᠦ ᠶ᠋ᠢᠨ ᠣᠷᠣᠨ ᠳ᠋ᠤ᠌ ᠭᠡᠭᠡᠭᠳᠡᠨ᠎ᠡ᠃
ᠵᠢᠱ᠌ᠢᠶᠡᠯᠡᠪᠡᠯ᠄ (1) ᠨᠠᠷᠠ ᠮᠠᠨᠳᠤᠪᠠ᠃ (2) ᠳᠣᠷᠣᠨ᠎ᠠ ᠵᠦᠭ ᠲᠦ᠍ ᠤᠯᠠᠭᠠᠨ ᠨᠠᠷᠠ ᠮᠠᠨᠳᠤᠪᠠ᠃

             ( 2) ᠬᠠᠷᠢᠶᠠᠯᠠᠬᠤ ᠶ᠋ᠢᠨ ᠲᠡᠢᠨ ᠢᠯᠭᠠᠯ

         ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠦ᠌? ᠶᠠᠭᠤᠨ ᠤ᠋? ᠬᠡᠵᠢᠶᠡᠨ ᠦ᠌? ᠬᠠᠮᠢᠭᠠᠬᠢ ᠶ᠋ᠢᠨ? ᠭᠡᠬᠦ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《ᠶ᠋ᠢᠨ᠂ ᠦ᠋ᠨ᠂ ᠦ᠌ 》 ᠭᠡᠳᠡᠭ ᠭᠤᠷᠪᠠᠨ ᠳᠠᠭᠠᠪᠤᠷᠢ ᠲᠠᠢ᠃
        (1) ᠶ᠋ᠢᠨ— ᠳᠠᠭᠠᠪᠤᠷᠢ ᠶ᠋ᠢ ᠡᠭᠡᠰᠢᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ 
               ᠵᠢᠱ᠌ᠢᠶᠡᠯᠡᠪᠡᠯ᠄
ᠠᠬ᠎ᠠ ᠶ᠋ᠢᠨ᠂ ᠳᠡᠭᠦᠦ ᠶ᠋ᠢᠨ᠂ ᠪᠠᠭᠰᠢ ᠶ᠋ᠢᠨ᠂ ᠳᠠᠯᠠᠢ ᠶ᠋ᠢᠨ᠂ ᠪᠠᠷᠢᠮᠵᠢᠶᠠᠯᠠᠬᠤ ᠶ᠋ᠢᠨ ᠭᠡᠬᠦ ᠮᠡᠲᠦ᠃ 
        (2) ᠦ᠋ᠨ— ᠳᠠᠭᠠᠪᠤᠷᠢ ᠶ᠋ᠢ《᠊᠊ᠨ》 ᠡᠴᠡ ᠪᠤᠰᠤᠳ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃
             ᠵᠢᠱ᠌ᠢᠶᠡᠯᠡᠪᠡᠯ᠄ 
ᠠᠷᠠᠳ  ‍ᠤᠨ᠂ ᠤᠯᠤᠰ  ‍ᠤᠨ᠂ ᠶᠠᠪᠤᠳᠠᠯ  ‍ᠤᠨ᠂ ᠬᠡᠷᠡᠭ ᠦ᠋ᠨ ᠭᠡᠬᠦ ᠮᠡᠲᠦ᠃
        (3)  ‍ᠤ — ᠳᠠᠭᠠᠪᠤᠷᠢ ᠶ᠋ᠢ《᠊᠊ᠨ》ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠡᠭᠦᠨ ᠳ᠋ᠦ᠍ ᠲᠣᠭᠲᠠᠪᠤᠷᠢ ᠦᠭᠡᠢ《᠊᠊ᠨ》 ᠭᠡᠢᠭᠦᠯᠦᠭᠴᠢ ᠨᠢ ᠬᠠᠷᠢᠶᠠᠯᠠᠬᠤ ᠶ᠋ᠢᠨ ᠲᠡᠢᠨ ᠢᠯᠭᠠᠯ ᠳ᠋ᠤ᠌ ᠲᠣᠭᠲᠠᠪᠤᠷᠢ ᠲᠠᠢ ᠪᠣᠯᠤᠨ᠎ᠠ᠃
               ᠵᠢᠱ᠌ᠢᠶᠡᠯᠡᠪᠡᠯ᠄ 
ᠲᠦᠮᠡᠨ ᠦ᠌᠂ ᠠᠭᠤᠯᠠᠨ ᠤ᠋᠂ ᠤᠰᠤᠨ ᠤ᠋᠂ ᠨᠠᠷᠠᠨ ᠤ᠋᠂ ᠲᠠᠨ ᠤ᠋᠂ ᠪᠢᠳᠡᠨ ᠦ᠌ ᠭᠡᠬᠦ ᠮᠡᠲᠦ᠃

            ( 3) ᠥᠭᠬᠦ ᠣᠷᠣᠰᠢᠬᠤ ᠶ᠋ᠢᠨ ᠲᠡᠢᠨ ᠢᠯᠭᠠᠯ 

         ᠮᠣᠩᠭᠣᠯ ᠬᠡᠯᠡᠨ ᠦ᠌ ᠥᠭᠬᠦ ᠣᠷᠣᠰᠢᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠳ᠋ᠦ᠍? ᠶᠠᠭᠤᠨ ᠳ᠋ᠤ᠌? ᠬᠡᠵᠢᠶ᠎ᠡ? ᠬᠠᠮᠢᠭ᠎ᠠ? ᠶᠠᠭᠠᠬᠢᠭᠰᠠᠨ ᠳ᠋ᠤ᠌? ᠶᠠᠭᠠᠬᠢᠬᠤ ᠳ᠋ᠤ᠌? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠳ᠋ᠤ᠌ ᠂ ᠲᠤ᠌ 》 ᠭᠡᠰᠡᠨ ᠬᠣᠶᠠᠷ ᠳᠠᠭᠠᠪᠤᠷᠢ ᠲᠠᠢ᠃ ᠡᠭᠦᠨ ᠳ᠋ᠦ᠍《᠎ᠡ》 ᠭᠡᠰᠡᠨ ᠬᠡᠯᠪᠡᠷᠢ ᠬᠠᠭᠤᠴᠢᠨ ᠪᠢᠴᠢᠭ ᠲᠦ᠍ ᠠᠷᠪᠢᠨ ᠦᠵᠡᠭᠳᠡᠬᠦ ᠪᠣᠯᠪᠠᠴᠤ ᠣᠳᠣ ᠪᠠᠰᠠ《᠊᠊ᠨ᠂᠊᠊ᠷ》 ᠭᠡᠢᠭᠦᠯᠦᠭᠴᠢ ᠪᠡᠷ ᠲᠡᠭᠦᠰᠦᠭᠰᠡᠨ ᠦᠭᠡᠨ᠎ᠡ ᠮᠠᠰᠢ ᠬᠣᠪᠣᠷ ᠬᠡᠷᠡᠭᠯᠡᠵᠦ ᠪᠠᠢᠨ᠎ᠠ᠃ ᠮᠥᠨ ᠴᠦ᠍ ᠥᠭᠬᠦ ᠣᠷᠣᠰᠢᠬᠤ ᠶ᠋ᠢᠨ ᠲᠡᠢᠨ ᠢᠯᠭᠠᠯ ᠨᠢ ᠳᠠᠭᠠᠪᠤᠷᠢ ᠦᠭᠡᠢ ᠪᠡᠷ ᠢᠯᠡᠷᠡᠵᠦ ᠪᠣᠯᠬᠤ ᠪᠥᠭᠡᠳ ᠲᠣᠭᠲᠠᠪᠤᠷᠢ ᠦᠭᠡᠢ《᠊᠊ᠨ》 ᠭᠡᠢᠭᠦᠯᠦᠭᠴᠢ ᠨᠢ ᠥᠭᠬᠦ ᠣᠷᠣᠰᠢᠬᠤ ᠶ᠋ᠢᠨ ᠲᠡᠢᠨ ᠢᠯᠭᠠᠯ ᠳ᠋ᠤ᠌ ᠰᠡᠷᠭᠦᠨ ᠭᠠᠷᠴᠤ ᠢᠷᠡᠨ᠎ᠡ᠃ ᠵᠢᠱ᠌ᠢᠶᠡᠯᠡᠪᠡᠯ— ᠲᠠᠨ᠎ᠠ᠂ ᠬᠣᠲᠠᠨ᠎ᠠ᠂ ᠭᠠᠵᠠᠷ᠎ᠠ᠂ ᠰᠤᠮᠤ— ᠰᠤᠮᠤᠨ ᠳ᠋ᠤ᠌᠂ ᠮᠣᠷᠢ— ᠮᠣᠷᠢᠨ ᠳ᠋ᠤ᠌ ᠭᠡᠬᠦ ᠮᠡᠲᠦ᠃
            (1) ᠳ᠋ᠦ᠍  ( ᠳ᠋ᠤᠷ)— ᠳᠠᠭᠠᠪᠤᠷᠢ ᠶ᠋ᠢ ᠡᠭᠡᠰᠢᠭ ᠪᠠ ᠵᠥᠭᠡᠯᠡᠨ ᠳᠡᠪᠢᠰᠬᠡᠷ《 ᠊᠊ᠨ᠂ ᠊᠊ᠮ᠂ ᠊᠊ᠯ᠂᠊᠊ᠩ》 ᠵᠡᠷᠭᠡ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃
            ᠵᠢᠱ᠌ᠢᠶᠡᠯᠡᠪᠡᠯ᠄               
ᠠᠬ᠎ᠠ ᠳ᠋ᠤ᠌᠂ ᠣᠷᠣᠯᠴᠠᠬᠤ ᠳ᠋ᠤ᠌᠂ ᠶᠠᠪᠤᠳᠠᠯ ᠳ᠋ᠤ᠌᠂ ᠡᠭᠦᠨ ᠳ᠋ᠦ᠍᠂ ᠨᠡᠢᠭᠡᠮ ᠳ᠋ᠦ᠍᠂ ᠮᠣᠩᠭᠣᠯ ᠳ᠋ᠤ᠌᠂ ᠬᠦᠷᠢᠶᠡᠯᠡᠩ ᠳ᠋ᠦ᠍᠂ ᠢᠷᠡᠬᠦᠢ ᠳ᠋ᠦ᠍ᠷ ᠭᠡᠬᠦ ᠮᠡᠲᠦ᠃
            (2) ᠲᠦ ( ᠲᠤᠷ)— ᠳᠠᠭᠠᠪᠤᠷᠢ ᠶ᠋ᠢ ᠬᠠᠲᠠᠭᠤ ᠳᠡᠪᠢᠰᠬᠡᠷ《᠊᠊ᠪ᠂ ᠊᠊ᠭ  ᠊᠊ᠭ᠌᠂᠊᠊ᠷ᠂᠊᠊ᠰ᠂ ᠊᠊ᠳ》 ᠵᠡᠷᠭᠡ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠰᠡᠳᠦᠪ ᠲᠦ᠍᠂ ᠠᠷᠤᠭ ᠲᠤ᠌᠂ ᠴᠡᠷᠢᠭ ᠲᠦ᠍᠂ ᠲᠡᠮᠦᠷ ᠲᠦ᠍᠂ ᠤᠯᠤᠰ ᠲᠤ᠌᠂ ᠬᠡᠦᠬᠡᠳ ᠲᠦ᠍᠂ ᠬᠡᠷᠡᠭᠯᠡᠭᠴᠢᠳ ᠲᠣᠷ ᠭᠡᠬᠦ ᠮᠡᠲᠦ᠃

              ( 4) ᠵᠢᠭᠠᠬᠤ ᠶ᠋ᠢᠨ ᠲᠡᠢᠨ ᠢᠯᠭᠠᠯ

           ᠵᠢᠭᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠢ᠋? ᠶᠠᠭᠤ ᠶ᠋ᠢ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠢ᠋᠂ ᠶ᠋ᠢ》 ᠭᠡᠳᠡᠭ ᠬᠣᠶᠠᠷ ᠳᠠᠭᠠᠪᠤᠷᠢ ᠲᠠᠢ᠃ ᠡᠭᠦᠨ ᠳ᠋ᠦ᠍ ᠲᠣᠭᠲᠠᠪᠤᠷᠢ ᠦᠭᠡᠢ《᠊᠊ᠨ》  ᠭᠡᠢᠭᠦᠯᠦᠭᠴᠢ ᠵᠢᠭᠠᠬᠤ ᠶ᠋ᠢᠨ ᠲᠡᠢᠨ ᠢᠯᠭᠠᠯ ᠳ᠋ᠤ᠌ ᠭᠡᠭᠡᠭᠳᠡᠬᠦ ᠪᠥᠭᠡᠳ ᠰᠢᠭᠤᠳ ᠲᠤᠰᠬᠤ ᠦᠢᠯᠡ ᠦᠭᠡ ᠪᠡᠷ ᠢᠯᠡᠷᠡᠪᠡᠯ ᠵᠢᠭᠠᠬᠤ ᠶ᠋ᠢᠨ ᠲᠡᠢᠨ ᠢᠯᠭᠠᠯ ᠨᠢ ᠳᠠᠭᠠᠪᠤᠷᠢ ᠦᠭᠡᠢ ᠪᠡᠷ ᠪᠠᠢᠵᠤ ᠪᠣᠯᠤᠨ᠎ᠠ᠃
        (1) ᠶ᠋ᠢ — ᠳᠠᠭᠠᠪᠤᠷᠢ ᠶ᠋ᠢ ᠡᠬᠡᠰᠢᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃       ᠵᠢᠱ᠌ᠢᠶᠡᠯᠡᠪᠡᠯ᠄
 ᠤᠳᠬ᠎ᠠ ᠶ᠋ᠢ᠂ ᠮᠣᠷᠢᠨ— ᠮᠣᠷᠢ ᠶ᠋ᠢ᠂  ᠬᠣᠨᠢᠨ— ᠬᠣᠨᠢ ᠶ᠋ᠢ᠂ ᠰᠤᠷᠤᠭᠴᠢ ᠶ᠋ᠢ᠂ ᠨᠠᠰᠤ ᠶ᠋ᠢ᠂ ᠶᠡᠬᠡ ᠶ᠋ᠢ᠂ ᠠᠩᠭᠢ ᠶ᠋ᠢ᠂ ᠬᠥᠳᠡᠯᠮᠦᠷᠢ ᠬᠢᠪᠡ᠂ ᠨᠣᠭᠣᠭ᠎ᠠ ᠳᠠᠷᠢᠪᠠ᠂ ᠴᠠᠭᠠᠰᠤ ᠠᠪᠤᠪᠠ᠂ ᠦᠰᠦᠭ ᠪᠢᠴᠢᠪᠡ ᠭᠡᠬᠦ ᠮᠡᠲᠦ᠃
        (2)  ᠊ᠢ — ᠳᠠᠭᠠᠪᠤᠷᠢ ᠶ᠋ᠢ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃      ᠵᠢᠱ᠌ᠢᠶᠡᠯᠡᠪᠡᠯ᠄ 
ᠠᠷᠠᠳ ᠢ᠋᠂ ᠤᠯᠤᠰ ᠢ᠋᠂ ᠨᠣᠮ ᠢ᠋᠂ ᠪᠢᠴᠢᠭ ᠢ᠋ ᠦᠨᠳᠦᠰᠦᠲᠡᠨ ᠢ᠋ ᠭᠡᠬᠦ ᠮᠡᠲᠦ᠃

               ( 5) ᠭᠠᠷᠬᠤ ᠶ᠋ᠢᠨ ᠲᠡᠢᠨ ᠢᠯᠭᠠᠯ

           ᠮᠣᠩᠭᠣᠯ ᠬᠡᠯᠡᠨ ᠦ᠌ ᠭᠠᠷᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠡᠴᠡ? ᠶᠠᠭᠤᠨ ᠠ᠋ᠴᠠ? ᠬᠠᠮᠢᠭ᠎ᠠ ᠠ᠋ᠴᠠ? ᠬᠡᠵᠢᠶᠡᠨ ᠡᠴᠡ? ᠬᠡᠳᠦᠢ ᠡᠴᠡ? ᠶᠠᠭᠠᠬᠢᠭᠰᠠᠨ ᠠ᠋ᠴᠠ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠡᠴᠡ》 ᠭᠡᠳᠡᠭ ᠳᠠᠭᠠᠪᠤᠷᠢ ᠲᠠᠢ᠃
        (1) ᠡᠴᠡ— ᠳᠠᠭᠠᠪᠤᠷᠢ ᠶ᠋ᠢ ᠶᠠᠮᠠᠷᠴᠤ ᠦᠭᠡ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠪᠦᠷ ᠬᠡᠷᠡᠭᠯᠡᠵᠦ ᠪᠣᠯᠤᠨ᠎ᠠ᠃ ᠡᠭᠦᠨ ᠳ᠋ᠦ᠍ ᠲᠣᠭᠲᠠᠪᠤᠷᠢ ᠦᠭᠡᠢ《᠊᠊ᠨ》 ᠭᠡᠢᠭᠦᠯᠦᠭᠴᠢ ᠨᠢ ᠭᠠᠷᠬᠤ ᠶ᠋ᠢᠨ ᠲᠡᠢᠨ ᠢᠯᠭᠠᠯ ᠳ᠋ᠤ᠌ ᠭᠡᠭᠡᠭᠳᠡᠬᠦ ᠦᠭᠡᠢ᠃ 
           ᠵᠢᠱ᠌ᠢᠶᠡᠯᠡᠪᠡᠯ᠄ 
ᠭᠡᠷ ᠡᠴᠡ᠂ ᠭᠠᠷ ᠠ᠋ᠴᠠ᠂ ᠬᠣᠲᠠ ᠠ᠋ᠴᠠ᠂ ᠬᠥᠳᠡᠭᠡ ᠡᠴᠡ᠂ ᠪᠠᠭᠰᠢ ᠠ᠋ᠴᠠ᠂ ᠰᠤᠷᠤᠭᠴᠢ ᠠ᠋ᠴᠠ᠂ ᠬᠣᠯᠠ ᠠ᠋ᠴᠠ᠂ ᠣᠢᠷ᠎ᠠ ᠠ᠋ᠴᠠ᠂ ᠨᠢᠳᠦ— ᠨᠢᠳᠦᠨ ᠡᠴᠡ᠂ ᠵᠢᠷᠦᠬᠡ— ᠵᠢᠷᠦᠬᠡᠨ ᠡᠴᠡ ᠭᠡᠬᠦ ᠮᠡᠲᠦ᠃

             ( 6) ᠦᠢᠯᠡᠳᠬᠦ ᠶ᠋ᠢᠨ ᠲᠡᠢᠨ ᠢᠯᠭᠠᠯ

         ᠦᠢᠯᠡᠳᠬᠦ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠢ᠋ᠶ᠋ᠡᠷ? ᠶᠠᠭᠤ ᠪᠠᠷ? ᠬᠠᠮᠢᠭᠠᠭᠤᠷ? ᠬᠡᠳᠦᠢ ᠪᠡᠷ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠪᠡᠷ᠂ ᠢ᠋ᠶ᠋ᠡᠷ》 ᠭᠡᠰᠡᠨ ᠬᠣᠶᠠᠷ ᠳᠠᠭᠠᠪᠤᠷᠢ ᠲᠠᠢ᠃ ᠡᠭᠦᠨ ᠳ᠋ᠦ᠍ ᠲᠣᠭᠲᠠᠪᠤᠷᠢ ᠦᠭᠡᠢ 《᠊᠊ᠨ》 ᠭᠡᠢᠭᠦᠯᠦᠭᠴᠢ ᠨᠢ ᠦᠢᠯᠡᠳᠬᠦ ᠶ᠋ᠢᠨ ᠲᠡᠢᠨ ᠢᠯᠭᠠᠯ ᠳ᠋ᠤ᠌ ᠭᠡᠭᠡᠭᠳᠡᠨ᠎ᠡ᠃
       (1) ᠪᠡᠷ — ᠳᠠᠭᠠᠪᠤᠷᠢ ᠶ᠋ᠢ ᠡᠭᠡᠰᠢᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠵᠢᠭᠠᠪᠤᠷᠢ ᠪᠠᠷ᠂ ᠬᠠᠳᠠ ᠪᠠᠷ᠂ ᠠᠭᠤᠯᠠ ᠪᠠᠷ᠂ ᠬᠥᠳᠡᠭᠡ ᠪᠡᠷ᠂ ᠨᠢᠳᠦᠨ— ᠨᠢᠳᠦ ᠪᠡᠷ᠂ ᠮᠣᠷᠢᠨ— ᠮᠣᠷᠢ ᠪᠠᠷ᠂ ᠭᠡᠬᠦ ᠮᠡᠲᠦ᠃
       (2) ᠢ᠋ᠶ᠋ᠠᠷ — ᠳᠠᠭᠠᠪᠤᠷᠢ ᠶ᠋ᠢ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠠᠷᠠᠳ ᠢ᠋ᠶ᠋ᠠᠷ᠂ ᠤᠯᠤᠰ ᠢ᠋ᠶ᠋ᠠᠷ᠂ ᠨᠣᠮ ᠢ᠋ᠶ᠋ᠠᠷ ᠲᠤᠭ ᠢ᠋ᠶ᠋ᠠᠷ ᠬᠥᠮᠦᠨ ᠢ᠋ᠶ᠋ᠡᠷ᠂ ᠮᠠᠯ ᠢ᠋ᠶ᠋ᠠᠷ ᠭᠡᠬᠦ ᠮᠡᠲᠦ᠃

              ( 7 ) ᠬᠠᠮᠲᠤᠷᠠᠬᠤ ᠶ᠋ᠢᠨ ᠲᠡᠢᠨ ᠢᠯᠭᠠᠯ

    ᠮᠣᠩᠭᠣᠯ ᠬᠡᠯᠡᠨ ᠦ᠌ ᠬᠠᠮᠲᠤᠷᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠲᠡᠢ? ᠶᠠᠭᠤ ᠲᠠᠢ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠲᠡᠢ᠂   ᠯᠤᠭ᠎ᠠ᠂ ᠯᠤᠭᠡ》 ᠭᠡᠰᠡᠨ ᠳᠠᠭᠠᠪᠤᠷᠢ ᠲᠠᠢ᠃
      (1) ᠲᠡᠢ — ᠳᠠᠭᠠᠪᠤᠷᠢ ᠶ᠋ᠢ ᠡᠭᠡᠰᠢᠭ᠂ ᠭᠡᠢᠭᠦᠯᠦᠭᠴᠢ ᠪᠡᠷ ᠲᠡᠭᠦᠰᠦᠭᠰᠡᠨ ᠴᠢᠩᠭ᠎ᠠ ᠬᠥᠨᠳᠡᠢ ᠦᠭᠡᠨ ᠳ᠋ᠦ᠍ ᠪᠦᠷ ᠬᠡᠷᠡᠭᠯᠡᠨ᠎ᠡ᠃ ᠵᠢᠱ᠌ᠢᠶᠡᠯᠡᠪᠡᠯ᠄ ᠠᠷᠠᠳ ᠲᠠᠢ᠂ ᠴᠡᠷᠢᠭ ᠲᠡᠢ᠂ ᠨᠥᠬᠥᠳ ᠲᠡᠢ᠂ ᠬᠥᠮᠦᠨ ᠲᠡᠢ᠂ ᠭᠠᠵᠠᠷ ᠲᠠᠢ᠂ ᠠᠭᠤᠯᠠ ᠲᠠᠢ᠂
      (2) ᠯᠤᠭ᠎ᠠ — ᠳᠠᠭᠠᠪᠤᠷᠢ ᠶ᠋ᠢ ᠡᠭᠡᠰᠢᠭ᠂ ᠭᠡᠢᠭᠦᠯᠦᠭᠴᠢ ᠪᠡᠷ ᠲᠡᠭᠦᠰᠦᠭᠰᠡᠨ ᠴᠢᠩᠭ᠎ᠠ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠠᠬ᠎ᠠ ᠯᠤᠭ᠎ᠠ᠂ ᠪᠠᠭᠰᠢ ᠯᠤᠭ᠎ᠠ᠂ ᠰᠤᠷᠤᠭᠴᠢ ᠯᠤᠭ᠎ᠠ᠂ ᠨᠣᠮ ᠯᠤᠭ᠎ᠠ ᠭᠡᠬᠦ ᠮᠡᠲᠦ᠃
      (3) ᠯᠤᠭᠡ — ᠳᠠᠭᠠᠪᠤᠷᠢ ᠶ᠋ᠢ ᠡᠭᠡᠰᠢᠭ᠂ ᠭᠡᠢᠭᠦᠯᠦᠭᠴᠢ ᠪᠡᠷ ᠲᠡᠭᠦᠰᠦᠭᠰᠡᠨ ᠬᠥᠨᠳᠡᠢ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠨᠥᠬᠥᠷ ᠯᠤᠭᠡ᠂ ᠬᠥᠮᠦᠨ ᠯᠤᠭᠡ᠂ ᠡᠭᠡᠴᠢ  ᠯᠤᠭᠡ᠂ ᠳᠡᠭᠦᠦ  ᠯᠤᠭᠡ ᠭᠡᠬᠦ ᠮᠡᠲᠦ᠃

                2  ᠳᠠᠪᠬᠤᠷ ᠲᠡᠢᠨ ᠢᠯᠭᠠᠯ

           ᠮᠣᠩᠭᠣᠯ ᠬᠡᠯᠡᠨ ᠳ᠋ᠦ᠍ ᠵᠠᠷᠢᠮ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠥᠭᠡᠷ᠎ᠡ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠦᠭᠡᠰ ᠦ᠋ᠨ ᠬᠣᠭᠣᠷᠣᠨᠳᠣᠬᠢ ᠨᠠᠷᠢᠨ ᠪᠤᠳᠤᠯᠢᠶᠠᠨ ᠲᠠᠢ ᠬᠠᠷᠢᠴᠠᠭ᠎ᠠ ᠶ᠋ᠢᠨ ᠤᠳᠬ᠎ᠠ ᠶ᠋ᠢ ᠢᠯᠡᠳᠬᠡᠵᠦ ᠪᠣᠯᠳᠠᠭ᠃ ᠡᠳᠡᠭᠡᠷ ᠳᠠᠪᠬᠤᠷᠯᠠᠨ ᠬᠡᠷᠡᠭᠯᠡᠭᠰᠡᠨ ᠲᠡᠢᠨ ᠢᠯᠭᠠᠯ  ᠦ᠋ᠳ ᠢ᠋ ᠳᠠᠪᠬᠤᠷ ᠲᠡᠢᠨ ᠢᠯᠭᠠᠯ ᠭᠡᠨ᠎ᠡ᠃
ᠳᠠᠪᠬᠤᠷ ᠲᠡᠢᠨ ᠢᠯᠭᠠᠯ ᠨᠢ᠄
       (1) ᠬᠠᠷᠢᠶᠠᠯᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠥᠭᠬᠦ ᠣᠷᠣᠰᠢᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠳᠠᠪᠬᠤᠷ ᠲᠡᠢᠨ ᠢᠯᠭᠠᠯ ᠡᠭᠦᠰᠬᠡᠨ᠎ᠡ᠃ 
ᠵᠢᠱ᠌ᠢᠶᠡᠯᠡᠪᠡᠯ᠄ ᠪᠠᠭᠰᠢ ᠶ᠋ᠢᠨ ᠳ᠋ᠦ᠍᠂ ᠴᠡᠴᠡᠭ ᠦ᠋ᠨ ᠳ᠋ᠦ᠍᠂ ᠲᠦᠮᠡᠨ ᠦ᠌ ᠳ᠋ᠦ᠍ ᠭᠡᠬᠦ ᠮᠡᠲᠦ᠃
       (2) ᠥᠭᠬᠦ ᠣᠷᠣᠰᠢᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠭᠠᠷᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠳᠠᠪᠬᠤᠷ ᠲᠡᠢᠨ ᠢᠯᠭᠠᠯ ᠡᠭᠦᠰᠬᠡᠨ᠎ᠡ᠃ ᠵᠢᠱ᠌ᠢᠶᠡᠯᠡᠪᠡᠯ᠄ ᠭᠡᠷ ᠲᠦ᠍ ᠡᠴᠡ᠂ ᠰᠤᠷᠭᠠᠭᠤᠯᠢ ᠳ᠋ᠤ᠌ ᠠ᠋ᠴᠠ ᠭᠡᠬᠦ ᠮᠡᠲᠦ᠃
       (3) ᠬᠠᠮᠲᠤᠷᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠪᠤᠰᠤᠳ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠳᠠᠪᠬᠤᠷ ᠲᠡᠢᠨ ᠢᠯᠭᠠᠯ ᠡᠭᠦᠰᠬᠡᠨ᠎ᠡ᠃ 
ᠵᠢᠱ᠌ᠢᠶᠡᠯᠡᠪᠡᠯ᠄ ᠳᠡᠪᠲᠡᠷ ᠲᠡᠢ ᠶ᠋ᠢᠨ᠂ ᠳᠡᠪᠲᠡᠷ ᠲᠡᠢ ᠳ᠋ᠦ᠍᠂ ᠰᠠᠨᠳᠠᠯᠢ ᠲᠠᠢ ᠶ᠋ᠢ᠂ ᠨᠣᠮ ᠲᠠᠢ ᠠ᠋ᠴᠠ᠂ ᠮᠣᠷᠢ ᠲᠠᠢ ᠪᠠᠷ᠂ ᠭᠡᠬᠦ ᠮᠡᠲᠦ᠃

                   (ᠬᠣᠶᠠᠷ) ᠣᠯᠠᠨ ᠲᠣᠭ᠎ᠠ ᠪᠠᠷ ᠬᠤᠪᠢᠯᠭᠠᠬᠤ

            ᠪᠣᠳᠠᠲᠤ ᠪᠠᠢᠳᠠᠯ ᠳ᠋ᠤ᠌ ᠣᠷᠣᠰᠢᠬᠤ ᠨᠢᠭᠡᠨ ᠲᠥᠷᠥᠯ ᠦ᠋ᠨ ᠣᠯᠠᠨ ᠬᠥᠮᠦᠨ᠂ ᠶᠠᠭᠤᠮ᠎ᠠ ᠶ᠋ᠢᠨ ᠭᠠᠭᠴᠠ ᠪᠠ ᠣᠯᠠᠨ ᠲᠣᠭ᠎ᠠ ᠶ᠋ᠢ ᠲᠤᠰᠬᠠᠨ ᠦᠵᠡᠭᠦᠯᠵᠦ᠂ ᠭᠠᠭᠴᠠ ᠶ᠋ᠢ ᠨᠢ ᠭᠠᠭᠴᠠ ᠪᠤᠰᠤ ᠲᠠᠢ ᠬᠠᠷᠢᠴᠠᠭᠤᠯᠤᠨ ᠢᠯᠭᠠᠬᠤ ᠶᠣᠰᠣ ᠶ᠋ᠢ ᠭᠠᠭᠴᠠ ᠪᠠ ᠣᠯᠠᠨ ᠤ᠋ ᠲᠤᠬᠠᠢ ᠶᠣᠰᠣᠨ ᠭᠡᠨ᠎ᠡ᠃ ᠭᠠᠭᠴᠠ ᠪᠠ ᠣᠯᠠᠨ ᠤ᠋ ᠲᠤᠬᠠᠢ ᠶᠣᠰᠣᠨ ᠨᠡᠷ᠎ᠡ ᠦᠭᠡ ᠳ᠋ᠦ᠍ ᠬᠡᠷᠡᠭᠯᠡᠭᠳᠡᠬᠦ ᠪᠥᠭᠡᠳ ᠲᠡᠮᠳᠡᠭ ᠦᠭᠡ᠂ ᠲᠣᠭᠠᠨ ᠤ᠋ ᠦᠭᠡ ᠶ᠋ᠢ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠪᠡᠯ ᠪᠠᠰᠠ ᠭᠠᠭᠴᠠ ᠪᠠ ᠣᠯᠠᠨ ᠲᠣᠭᠠᠨ ᠤ᠋ ᠶᠣᠰᠣ ᠪᠠᠷ ᠢᠯᠡᠷᠡᠵᠦ ᠪᠣᠯᠤᠨ᠎ᠠ᠃
ᠮᠣᠩᠭᠣᠯ ᠬᠡᠯᠡᠨ ᠳ᠋ᠦ᠍ ᠣᠯᠠᠨ ᠲᠣᠭ᠎ᠠ ᠪᠠᠷ ᠬᠤᠪᠢᠯᠭᠠᠬᠤ ᠳ᠋ᠤ᠌ ᠢᠯᠡᠷᠡᠭᠦᠯᠬᠦ ᠳᠠᠭᠠᠪᠤᠷᠢ ᠨᠢ᠄
          1《ᠨᠠᠷ》— ᠳᠠᠭᠠᠪᠤᠷᠢ ᠶ᠋ᠢ ᠬᠥᠮᠦᠨ ᠲᠥᠷᠥᠯᠬᠢᠲᠡᠨ ᠢ᠋ ᠵᠢᠭᠠᠭᠰᠠᠨ ᠨᠡᠷ᠎ᠡ ᠦᠭᠡ ᠶ᠋ᠢᠨ ᠳᠠᠷᠠᠭ᠎ᠠ ᠡᠬᠡᠰᠢᠭ᠂ ᠭᠡᠢᠭᠦᠯᠦᠭᠴᠢ ᠭᠡᠵᠦ ᠢᠯᠭᠠᠯ ᠦᠭᠡᠢ᠂ ᠰᠠᠯᠤᠩᠭᠢ ᠪᠢᠴᠢᠵᠦ ᠬᠡᠷᠡᠭᠯᠡᠨ᠎ᠡ᠃
ᠵᠢᠱ᠌ᠢᠶ᠎ᠡ᠄ ᠠᠬ᠎ᠠ ᠨᠠᠷ᠂ ᠳᠡᠭᠦᠦ ᠨᠠᠷ᠂ ᠡᠵᠢ ᠨᠠᠷ᠂ ᠪᠠᠭᠰᠢ ᠨᠠᠷ᠂ ᠲᠣᠭᠣᠭᠠᠴᠢ ᠨᠠᠷ᠂ ᠵᠢᠯᠣᠭᠣᠴᠢ ᠨᠠᠷ᠂ ᠭᠦᠨ ᠤᠬᠠᠭᠠᠨᠲᠠᠨ ᠨᠠᠷ᠂ ᠰᠡᠬᠡᠭᠡᠲᠡᠨ ᠨᠠᠷ  ᠭᠡᠬᠦ ᠮᠡᠲᠦ᠃
          2《ᠴᠣᠳ ᠴᠤᠤᠯ》— ᠳᠠᠭᠠᠪᠤᠷᠢ ᠶ᠋ᠢ ᠡᠬᠡᠰᠢᠭ ᠪᠠ《᠊᠊ᠨ ᠂ ᠊᠊ᠯ᠂  ᠊᠊ᠷ》 ᠳᠡᠪᠢᠰᠬᠡᠷ ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠵᠤ ᠪᠢᠴᠢᠨ᠎ᠡ᠃ ᠡᠭᠦᠨ ᠳ᠋ᠦ᠍《᠊᠊ᠨ》 ᠳᠡᠪᠢᠰᠬᠡᠷ ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠬᠤ ᠳ᠋ᠤ᠌《᠊᠊ᠨ》 ᠨᠢ ᠬᠠᠰᠤᠭᠳᠠᠨ᠎ᠠ᠃
               ᠵᠢᠱ᠌ᠢᠶᠡᠯᠡᠪᠡᠯ᠄
ᠪᠠᠭ᠎ᠠ+ ᠴᠣᠳ ᠴᠤᠤᠯ — ᠪᠠᠭᠠᠴᠤᠳ᠂ ᠪᠠᠭᠠᠴᠤᠤᠯ
ᠪᠠᠭᠠᠲᠤᠷ+ ᠴᠣᠳ— ᠪᠠᠭᠠᠲᠤᠷᠴᠤᠳ᠂
ᠮᠣᠩᠭᠣᠯ+ ᠴᠣᠳ— ᠮᠣᠩᠭᠣᠯᠴᠤᠳ
ᠰᠠᠢᠨ+ ᠴᠣᠳ ᠴᠤᠤᠯ— ᠰᠠᠢᠴᠤᠳ᠂ ᠰᠠᠢᠴᠤᠤᠯ᠃
ᠡᠷᠡᠭᠲᠡᠢ+ ᠴᠣᠳ— ᠡᠷᠡᠭᠲᠡᠢᠴᠦᠳ
ᠵᠠᠯᠠᠭᠤ+ ᠴᠣᠳ— ᠵᠠᠯᠠᠭᠤᠴᠤᠳ
ᠨᠠᠰᠤᠲᠠᠢ+ ᠴᠤᠤᠯ— ᠨᠠᠰᠤᠲᠠᠢᠴᠤᠤᠯ
ᠡᠮᠡᠭᠲᠡᠢ+ ᠴᠣᠳ— ᠡᠮᠡᠭᠲᠡᠢᠴᠦᠳ
ᠤᠷᠠᠨ+ ᠴᠤᠤᠯ  ᠴᠣᠳ— ᠤᠷᠠᠴᠤᠤᠯ᠂ ᠤᠷᠠᠴᠤᠳ
ᠶᠡᠬᠡ+ ᠴᠤᠤᠯ— ᠶᠡᠬᠡᠴᠦᠦᠯ ᠭᠡᠬᠦ ᠮᠡᠲᠦ᠃
        3《᠊᠊ᠳ》— ᠳᠠᠭᠠᠪᠤᠷᠢ ᠶ᠋ᠢ ᠡᠬᠡᠰᠢᠭ ᠪᠠ 《᠊᠊ᠨ᠂ ᠊᠊ᠯ᠂᠊᠊ᠷ》 ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠵᠤ ᠪᠢᠴᠢᠵᠦ ᠬᠡᠷᠡᠭᠯᠡᠨ᠎ᠡ᠃ ᠭᠡᠬᠦ ᠳ᠋ᠡᠭᠡᠨ᠄ ᠦᠭᠡ ᠶ᠋ᠢᠨ ᠡᠴᠦᠰ ᠦ᠋ᠨ ᠬᠣᠣᠰ ᠡᠬᠡᠰᠢᠭ《ᠢ》 ᠪᠠ《᠊᠊ᠨ᠂ ᠊᠊ᠯ᠂ ᠊᠊ᠷ》— ᠳᠡᠪᠢᠰᠬᠡᠷ ᠢ᠋ ᠨᠢ ᠬᠠᠰᠤᠵᠤ ᠵᠠᠯᠭᠠᠨ᠎ᠠ᠃
                   ᠵᠢᠱ᠌ᠢᠶᠡᠯᠡᠪᠡᠯ᠄
ᠨᠥᠬᠥᠷ+ ᠊ᠳ— ᠨᠥᠬᠥᠳ
ᠡᠪᠦᠭᠡᠨ ᠊ᠳ— ᠡᠪᠦᠭᠡᠳ
ᠪᠠᠶᠠᠨ+ ᠊ᠳ— ᠪᠠᠶᠠᠳ
ᠲᠦᠰᠢᠮᠡᠯ+ ᠊ᠳ— ᠲᠦᠰᠢᠮᠡᠳ
ᠮᠣᠳᠣ+ ᠊ᠳ— ᠮᠣᠳᠣᠳ
ᠰᠤᠷᠤᠭᠴᠢ+ ᠊ᠳ— ᠰᠤᠷᠤᠭᠴᠢᠳ
ᠨᠣᠬᠠᠢ+— ᠨᠣᠬᠠᠳ ᠭᠡᠬᠦ ᠮᠡᠲᠦ᠃
        4《᠊ᠰ》— ᠳᠠᠭᠠᠪᠤᠷᠢ ᠶ᠋ᠢ ᠡᠬᠡᠰᠢᠭ ᠪᠠ《᠊᠊ᠨ》 ᠳᠡᠪᠢᠰᠬᠡᠷ ᠢ᠋ᠶ᠋ᠡᠷ ᠲᠡᠭᠦᠰᠦᠭᠰᠡᠨ ᠦᠭᠡᠨ ᠳ᠋ᠦ᠍ ᠵᠣᠯᠭᠠᠵᠤ ᠪᠢᠴᠢᠵᠦ ᠬᠡᠷᠡᠭᠯᠡᠨ᠎ᠡ᠃ ᠭᠡᠬᠦ ᠳ᠋ᠡᠭᠡᠨ᠄《᠊᠊ᠨ》 ᠳᠡᠪᠢᠰᠭᠡᠷ ᠪᠠ《ᠢ》 ᠶ᠋ᠢᠨ ᠬᠣᠣᠰ ᠡᠬᠡᠰᠢᠭ ᠨᠢ ᠬᠠᠰᠤᠭᠳᠠᠨ᠎ᠠ᠃
                ᠵᠢᠱ᠌ᠢᠶᠡᠯᠡᠪᠡᠯ᠄
ᠠᠬ᠎ᠠ+ ᠊ᠰ— ᠠᠬᠠᠰ
ᠶᠡᠬᠡ+ ᠊ᠰ— ᠶᠡᠬᠡᠰ
ᠦᠭᠡ+ ᠊ᠰ— ᠦᠭᠡᠰ
ᠠᠭᠤᠯᠠ+ ᠊ᠰ— ᠠᠭᠤᠯᠠᠰ
ᠬᠥᠮᠦᠨ+ ᠊ᠰ— ᠬᠥᠮᠦᠰ
ᠨᠣᠬᠠᠢ+ ᠊ᠰ— ᠨᠣᠬᠠᠰ ᠭᠡᠬᠦ ᠮᠡᠲᠦ᠃
           5  ᠦ᠋ᠳ— ᠳᠠᠭᠠᠪᠤᠷᠢ ᠶ᠋ᠢ《᠊᠊ᠨ》 ᠡᠴᠡ ᠪᠤᠰᠤᠳ ᠭᠡᠢᠭᠦᠯᠦᠭᠴᠢ ᠪᠡᠷ
ᠲᠡᠭᠦᠰᠦᠭᠰᠡᠨ ᠦᠭᠡᠨ ᠦ᠌ ᠳᠠᠷᠠᠭ᠎ᠠ ᠰᠠᠯᠤᠩᠭᠢᠳᠠ ᠪᠢᠴᠢᠵᠦ ᠬᠡᠷᠡᠭᠯᠡᠨ᠎ᠡ᠃
               ᠵᠢᠱ᠌ᠢᠶᠡᠯᠡᠪᠡᠯ᠄
ᠭᠡᠷ ᠦ᠋ᠳ᠂ ᠨᠣᠮ  ᠦ᠋ᠳ᠂ ᠪᠠᠢᠰᠢᠩ  ᠦ᠋ᠳ᠂ ᠠᠰᠠᠷ ᠦ᠋ᠳ᠂ ᠬᠢᠴᠢᠶᠡᠯ ᠦ᠋ᠳ ᠭᠡᠬᠦ ᠮᠡᠲᠦ᠃
           6 ᠨᠤᠭᠤᠳ ᠨᠤᠭᠦᠳ — ᠳᠠᠭᠠᠪᠤᠷᠢ ᠶ᠋ᠢ ᠡᠬᠡᠰᠢᠭ ᠪᠠ《᠊᠊ᠨ》 ᠳᠡᠪᠢᠰᠬᠡᠷ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠰᠠᠯᠤᠩᠭᠢ ᠪᠢᠴᠢᠵᠦ ᠬᠡᠷᠡᠭᠯᠡᠨ᠎ᠡ᠃ ᠡᠭᠦᠨ ᠳ᠋ᠦ᠍ ᠨᠤᠭᠤᠳ ᠢ᠋ ᠴᠢᠩᠭ᠎ᠠ ᠦᠭᠡ ᠶ᠋ᠢᠨ ᠳᠠᠷᠠᠭ᠎ᠠ᠂ ᠨᠤᠭᠦᠳ ᠢ᠋ ᠬᠥᠨᠳᠡᠢ ᠦᠭᠡ ᠶ᠋ᠢᠨ ᠳᠠᠷᠠᠭ᠎ᠠ ᠲᠤᠰ ᠲᠤᠰ ᠬᠡᠷᠡᠭᠯᠡᠨ᠎ᠡ᠃
                ᠵᠢᠱ᠌ᠢᠶᠡᠯᠡᠪᠡᠯ᠄
ᠠᠳᠤᠭᠤ ᠨᠤᠭᠤᠳ᠂ ᠳᠠᠢᠰᠤᠨ ᠨᠤᠭᠤᠳ᠂ ᠰᠤᠷᠭᠠᠭᠤᠯᠢ ᠨᠤᠭᠤᠳ᠂ ᠮᠥᠷᠡᠨ ᠨᠤᠭᠦᠳ᠂ ᠡᠪᠡᠰᠦ ᠨᠤᠭᠦᠳ᠂ ᠰᠢᠷᠡᠭᠡ ᠨᠤᠭᠦᠳ᠂ ᠲᠡᠮᠡᠭᠡ ᠨᠤᠭᠦᠳ ᠭᠡᠬᠦ ᠮᠡᠲᠦ᠃
ᠣᠯᠠᠨ ᠲᠣᠭᠠᠨ ᠤ᠋ ᠳᠠᠭᠠᠪᠤᠷᠢ ᠶ᠋ᠢ ᠬᠡᠷᠡᠭᠯᠡᠬᠦ ᠳ᠋ᠦ᠍᠄
          (1) ᠬᠥᠮᠦᠨ ᠶᠠᠭᠤᠮ᠎ᠠ ᠶ᠋ᠢ ᠲᠣᠭᠠᠨ ᠤ᠋ ᠦᠭᠡ ᠪᠡᠷ ᠲᠣᠳᠣᠳᠬᠠᠭᠰᠠᠨ ᠪᠠᠢᠪᠠᠯ ᠣᠯᠠᠨ ᠲᠣᠭᠠᠨ ᠤ᠋ ᠳᠠᠭᠠᠪᠤᠷᠢ ᠶ᠋ᠢ ᠬᠡᠷᠡᠭᠯᠡᠬᠦ ᠬᠡᠷᠡᠭ ᠦᠭᠡᠢ᠃
          (2) ᠬᠥᠮᠦᠨ ᠶᠠᠭᠤᠮ᠎ᠠ ᠶ᠋ᠢ ᠣᠯᠠᠨ ᠴᠥᠭᠡᠨ ᠦ᠌ ᠦᠭᠡ ᠪᠡᠷ ᠲᠣᠳᠣᠳᠬᠠᠭᠰᠠᠨ ᠪᠠᠢᠪᠠᠯ ᠣᠯᠠᠨ ᠲᠣᠭᠠᠨ ᠤ᠋ ᠳᠠᠭᠠᠪᠤᠷᠢ ᠬᠡᠷᠡᠭᠯᠡᠬᠦ ᠬᠡᠷᠡᠭ ᠦᠭᠡᠢ᠃
          (3) ᠲᠣᠭᠲᠠᠭᠰᠠᠨ ᠲᠣᠭ᠎ᠠ ᠬᠡᠮᠵᠢᠶ᠎ᠡ ᠶ᠋ᠢᠨ ᠤᠬᠠᠭᠳᠠᠬᠤᠨ ᠢ᠋ ᠪᠠᠭᠲᠠᠭᠠᠭᠰᠠᠨ ᠦᠭᠡᠰ ᠲᠦ᠍ ᠣᠯᠠᠨ ᠲᠣᠭᠠᠨ ᠤ᠋ ᠳᠠᠭᠠᠪᠤᠷᠢ ᠬᠡᠷᠡᠭᠯᠡᠬᠦ ᠬᠡᠷᠡᠭ ᠦᠭᠡᠢ᠃
                    ᠵᠢᠱ᠌ᠢᠶᠡᠯᠡᠪᠡᠯ᠄ 
ᠣᠭᠲᠠᠷᠭᠤᠢ᠂ ᠰᠡᠳᠬᠢᠯ᠂ ᠬᠣᠶᠠᠷ ᠨᠢᠳᠦ᠂ ᠬᠣᠶᠠᠷ ᠴᠢᠬᠢ᠂ ᠬᠣᠶᠠᠷ ᠭᠠᠷ᠂ ᠬᠣᠶᠠᠷ ᠬᠥᠯ ᠭᠡᠬᠦ ᠮᠡᠲᠦ᠃

              ( ᠭᠤᠷᠪᠠ)   ᠬᠠᠮᠢᠶᠠᠳᠠᠭᠤᠯᠬᠤ ᠶᠣᠰᠣ ᠪᠠᠷ ᠬᠤᠪᠢᠯᠭᠠᠬᠤ

           ᠬᠥᠮᠦᠨ ᠶᠠᠭᠤᠮ᠎ᠠ ᠶ᠋ᠢᠨ ᠬᠠᠮᠢᠶᠠᠳᠠᠬᠤ ᠡᠵᠡᠨ ᠪᠡᠶ᠎ᠡ ᠶ᠋ᠢ ᠵᠢᠭᠠᠬᠤ ᠶ᠋ᠢᠨ ᠵᠡᠷᠭᠡᠴᠡᠭᠡ ᠪᠡᠷ ᠲᠡᠳᠡᠭᠡᠷ ᠢ᠋ ᠨᠡᠢᠲᠡ ᠣᠯᠠᠨ ᠠ᠋ᠴᠠ ᠨᠢ ᠢᠯᠭᠠᠨ ᠦᠵᠡᠭᠦᠯᠬᠦ ᠭᠡᠰᠡᠨ ᠬᠡᠯᠡᠨ ᠦ᠌ ᠵᠦᠢ ᠶ᠋ᠢᠨ  ᠶᠣᠰᠣ ᠶ᠋ᠢ ᠬᠠᠮᠢᠶᠠᠳᠠᠭᠤᠯᠬᠤ ᠶᠣᠰᠣ ᠭᠡᠨ᠎ᠡ᠃ ᠬᠠᠮᠢᠶᠠᠳᠠᠭᠤᠯᠬᠤ ᠶᠣᠰᠣ ᠨᠢ ᠨᠡᠷ᠎ᠡ ᠦᠭᠡ ᠶ᠋ᠢᠨ ᠵᠦᠢᠯ ᠳ᠋ᠦ᠍ ᠬᠣᠯᠪᠣᠭᠳᠠᠬᠤ ᠪᠥᠭᠡᠳ ᠮᠥᠨ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠭᠰᠡᠨ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ᠂ ᠲᠡᠮᠳᠡᠭ ᠦᠢᠯᠡ ᠦᠭᠡ᠂ ᠵᠢᠴᠢ ᠨᠥᠬᠥᠴᠡᠯ ᠦᠢᠯᠡ ᠦᠭᠡ ᠶ᠋ᠢᠨ ᠵᠠᠷᠢᠮ ᠬᠡᠯᠪᠡᠷᠢ ᠳ᠋ᠦ᠍ ᠪᠠᠰᠠ ᠬᠣᠯᠪᠣᠭᠳᠠᠬᠤ ᠶᠤᠮ᠃ ᠬᠠᠮᠢᠶᠠᠳᠠᠭᠤᠯᠬᠤ ᠶᠣᠰᠣ ᠶ᠋ᠢ ᠶᠡᠷᠦᠩᠬᠡᠢᠯᠡᠨ ᠬᠠᠮᠢᠶᠠᠳᠠᠭᠤᠯᠬᠤ ᠶᠣᠰᠣ ᠪᠠ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠶᠣᠰᠣ ᠭᠡᠵᠦ ᠬᠣᠶᠠᠷ ᠠᠩᠭᠢᠯᠠᠵᠤ ᠪᠣᠢ᠃

                1  ᠶᠡᠷᠦᠩᠬᠡᠢᠯᠡᠨ ᠬᠠᠮᠢᠶᠠᠳᠠᠭᠤᠯᠬᠤ ᠶᠣᠰᠣ

         ᠶᠠᠮᠠᠷ ᠨᠢᠭᠡᠨ ᠬᠥᠮᠦᠨ ᠶᠠᠭᠤᠮ᠎ᠠ ᠳ᠋ᠤ᠌ ᠲᠤᠰᠬᠠᠢᠯᠠᠨ ᠬᠠᠮᠢᠶᠠᠳᠠᠭᠤᠯᠬᠤ ᠦᠭᠡᠢ᠂ ᠨᠡᠢᠲᠡ ᠳ᠋ᠦ᠍ᠨᠢ ᠬᠠᠮᠢᠶᠠᠲᠠᠢ ᠪᠣᠯᠭᠠᠬᠤ ᠶᠣᠰᠣ ᠶ᠋ᠢ ᠶᠡᠷᠦᠩᠬᠡᠢᠯᠡᠨ ᠬᠠᠮᠢᠶᠠᠳᠠᠭᠤᠯᠬᠤ ᠶᠣᠰᠣ ᠭᠡᠨ᠎ᠡ᠃ ᠶᠡᠷᠦᠩᠬᠡᠢᠯᠡᠨ ᠬᠠᠮᠢᠶᠠᠳᠠᠭᠤᠯᠬᠤ ᠳ᠋ᠤ᠌《 ᠪᠠᠨ᠂ ᠢ᠋ᠶ᠋ᠠᠨ》 ᠭᠡᠰᠡᠨ ᠬᠣᠶᠠᠷ ᠳᠠᠭᠠᠪᠤᠷᠢ ᠲᠠᠢ᠃
        (1) ᠪᠠᠨ— ᠳᠠᠭᠠᠪᠤᠷᠢ ᠶ᠋ᠢ ᠡᠭᠡᠰᠢᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠠᠬ᠎ᠠ ᠪᠠᠨ᠂ ᠰᠤᠷᠭᠠᠭᠤᠯᠢ ᠪᠠᠨ᠂ ᠪᠠᠭᠰᠢ ᠲᠠᠢ ᠪᠠᠨ᠂ ᠪᠠᠲᠤ ᠶ᠋ᠢ ᠪᠡᠨ᠂ ᠬᠤᠪᠴᠠᠰᠤ ᠪᠠᠨ᠂ ᠬᠤᠪᠴᠠᠰᠤ ᠠ᠋ᠴᠠ ᠪᠠᠨ᠂ ᠮᠣᠷᠢ ᠪᠠᠨ᠂ ᠬᠥᠨᠵᠢᠯᠡ ᠪᠡᠨ ᠭᠡᠬᠦ ᠮᠡᠲᠦ᠃
        (2) ᠢ᠋ᠶ᠋ᠠᠨ— ᠳᠠᠭᠠᠪᠤᠷᠢ ᠶ᠋ᠢ ᠭᠡᠢᠭᠦᠯᠦᠭᠴᠢ ᠪᠡᠷ ᠲᠡᠭᠦᠰᠦᠭᠰᠡᠨ ᠦᠭᠡ ᠶ᠋ᠢᠨ ᠳᠠᠷᠠᠭ᠎ᠠ ᠬᠡᠷᠡᠭᠯᠡᠨ᠎ᠡ᠃ ᠵᠢᠱ᠌ᠢᠶᠡᠯᠡᠪᠡᠯ᠄ ᠳᠡᠪᠲᠡᠷ ᠢ᠋ᠶ᠋ᠡᠨ᠂ ᠬᠤᠳᠳᠤᠭ ᠢ᠋ᠶ᠋ᠠᠨ᠂ ᠨᠣᠮ ᠢ᠋ᠶ᠋ᠠᠨ᠂ ᠠᠬ᠎ᠠ ᠶ᠋ᠢᠨ ᠢ᠋ᠶ᠋ᠡᠨ᠂ ᠨᠣᠮ ᠤ᠋ᠨ ᠢ᠋ᠶ᠋ᠠᠨ᠂ ᠪᠢᠷ ᠢ᠋ᠶ᠋ᠡᠷ ᠢ᠋ᠶ᠋ᠡᠨ᠂ ᠵᠣᠷᠢᠭ ᠢ᠋ᠶ᠋ᠠᠷ ᠢ᠋ᠶ᠋ᠠᠨ᠂ ᠲᠡᠮᠡᠭᠡᠳ ᠢ᠋ᠶ᠋ᠡᠨ ᠭᠡᠬᠦ ᠮᠡᠲᠦ᠃
 ᠵᠢᠭᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ《 ᠪᠠᠨ᠂ ᠢ᠋ᠶ᠋ᠠᠨ》 ᠢ᠋ ᠬᠠᠪᠰᠤᠷᠭᠠᠪᠠᠯ《ᠶ᠋ᠢ᠂  ᠢ᠋ 》 ᠶ᠋ᠢ《ᠶᠣ 》 ᠪᠠᠷ ᠣᠷᠣᠯᠠᠭᠤᠯᠵᠤ᠂《 ᠪᠠᠨ᠂ ᠢ᠋ᠶ᠋ᠠᠨ》 ᠢ᠋ ᠨᠢ《᠊᠊ᠭᠠᠨ᠂  ᠊᠊ᠬᠡᠨ》 ᠢ᠋ᠶ᠋ᠡᠷ ᠰᠣᠯᠢᠵᠤ᠂ ᠥᠭᠬᠦ ᠣᠷᠣᠰᠢᠬᠤ᠂ ᠭᠠᠷᠬᠤ ᠶ᠋ᠢᠨ ᠲᠡᠢᠨ ᠢᠯᠭᠠᠯ ᠤ᠋ᠨ ᠳᠠᠷᠠᠭ᠎ᠠ ᠬᠡᠷᠡᠭᠯᠡᠪᠡᠯ《  ᠪᠠᠨ᠂ ᠢ᠋ᠶ᠋ᠡᠨ》 ᠢ᠋《᠊᠊ᠭᠠᠨ᠂ ᠊᠊ᠬᠡᠨ》 ᠢ᠋ᠶ᠋ᠡᠷ ᠰᠣᠯᠢᠵᠤ ᠪᠣᠯᠤᠨ᠎ᠠ᠃
ᠵᠢᠭᠠᠬᠤ+《 ᠪᠠᠨ᠂ ᠢ᠋ᠶ᠋ᠠᠨ》—ᠶᠤᠭᠠᠨ᠂ᠶᠤᠭᠠᠨ ᠭᠡᠬᠦ ᠮᠡᠲᠦ᠃
ᠥᠭᠬᠦ ᠣᠷᠣᠰᠢᠬᠤ+《 ᠪᠠᠨ᠂ ᠢ᠋ᠶ᠋ᠠᠨ》— ᠳ᠋ᠠᠭᠠᠨ  ᠳ᠋ᠡᠭᠡᠨ᠂ ᠲᠠᠭᠠᠨ ᠲᠡᠭᠡᠨ ᠭᠡᠬᠦ ᠮᠡᠲᠦ᠃
ᠭᠠᠷᠬᠤ+《 ᠪᠠᠨ᠂ ᠢ᠋ᠶ᠋ᠠᠨ》— ᠠ᠋ᠴᠠᠭᠠᠨ᠂ ᠠ᠋ᠴᠠᠭᠠᠨ ᠭᠡᠬᠦ ᠮᠡᠲᠦ ᠪᠡᠷ ᠰᠣᠯᠢᠭᠳᠠᠵᠤ ᠪᠣᠯᠤᠨ᠎ᠠ᠃

            2  ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠶᠣᠰᠣ

         ᠪᠡᠶ᠎ᠡ ᠶ᠋ᠢᠨ ᠲᠥᠯᠥᠭᠡᠨ ᠦ᠌ ᠦᠭᠡ ᠶ᠋ᠢᠨ ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢ ᠶ᠋ᠢ ᠬᠡᠷᠡᠭᠯᠡᠬᠦ ᠦᠭᠡᠢ ᠪᠡᠷ ᠥᠭᠦᠯᠡᠪᠦᠷᠢ ᠶ᠋ᠢᠨ ᠵᠦᠢ ᠶ᠋ᠢᠨ ᠠᠷᠭ᠎ᠠ ᠪᠠᠷ ᠬᠠᠮᠢᠶᠠᠳᠠᠭᠤᠯᠬᠤ ᠶᠣᠰᠣ ᠶ᠋ᠢ ᠢᠯᠡᠷᠡᠭᠦᠯᠬᠦ ᠳ᠋ᠦ᠍ ᠤᠤᠯ ᠪᠡᠶ᠎ᠡ ᠶ᠋ᠢᠨ ᠲᠥᠯᠥᠭᠡᠨ ᠦ᠌ ᠦᠭᠡ ᠶ᠋ᠢᠨ
 ᠤᠳᠬ᠎ᠠ ᠪᠠᠷ ᠭᠤᠷᠪᠠᠨ ᠪᠡᠶ᠎ᠡ ᠶ᠋ᠢᠨ ᠠᠯᠢᠨ ᠪᠣᠯᠬᠤ ᠨᠢ ᠲᠣᠪ ᠲᠣᠳᠣᠷᠬᠠᠢ ᠪᠠᠢᠳᠠᠭ ᠲᠤᠯᠠ ᠡᠭᠦᠨ ᠢ᠋ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠶᠣᠰᠣ ᠭᠡᠨ᠎ᠡ᠃
ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠳᠠᠭᠠᠪᠤᠷᠢ ᠨᠢ᠄《ᠮᠢᠨᠢ᠂ ᠴᠢᠨᠢ᠂ ᠨᠢ》 ᠭᠤᠷᠪᠠᠨ ᠳᠠᠭᠠᠪᠤᠷᠢ ᠲᠠᠢ᠃
   (1) ᠮᠢᠨᠢ— ᠳᠠᠭᠠᠪᠤᠷᠢ ᠶ᠋ᠢ ᠨᠢᠭᠡᠳᠦᠭᠡᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
   (2) ᠴᠢᠨᠢ— ᠳᠠᠭᠠᠪᠤᠷᠢ ᠶ᠋ᠢ ᠬᠣᠶᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
   (3) ᠨᠢ— ᠳᠠᠭᠠᠪᠤᠷᠢ ᠶ᠋ᠢ ᠭᠤᠷᠪᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
ᠭᠤᠷᠪᠠᠨ ᠪᠡᠶ᠎ᠡ ᠪᠡᠷ ᠬᠠᠮᠢᠶᠠᠳᠠᠭᠤᠯᠬᠤ《ᠮᠢᠨᠢ᠂ ᠴᠢᠨᠢ᠂ ᠨᠢ》 ᠶ᠋ᠢ ᠶᠠᠮᠠᠷ ᠴᠤ᠌ ᠦᠰᠦᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠪᠦᠷ ᠬᠡᠷᠡᠭᠯᠡᠵᠦ ᠪᠣᠯᠬᠤ ᠪᠥᠭᠡᠳ ᠶᠠᠮᠠᠷ ᠴᠤ᠌ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ ᠬᠡᠷᠡᠭᠯᠡᠬᠦ ᠳ᠋ᠦ᠍ ᠲᠡᠢᠨ ᠢᠯᠭᠠᠯ ᠤ᠋ᠨ ᠳᠠᠭᠠᠪᠤᠷᠢ ᠶ᠋ᠢ ᠨᠢ ᠭᠡᠭᠡᠬᠦ ᠦᠭᠡᠢ᠃
                  ᠵᠢᠱ᠌ᠢᠶᠡᠯᠡᠪᠡᠯ᠄
       (1) ᠮᠢᠨᠢ— ᠨᠠᠮ ᠮᠢᠨᠢ᠂ ᠤᠯᠤᠰ ᠠ᠋ᠴᠠ ᠮᠢᠨᠢ᠂ ᠨᠣᠮ ᠢ᠋ᠶ᠋ᠠᠷ ᠮᠢᠨᠢ᠂ ᠡᠵᠢ ᠳ᠋ᠦ᠍ ᠮᠢᠨᠢ᠂ ᠮᠣᠷᠢ ᠶ᠋ᠢ ᠮᠢᠨᠢ ᠭᠡᠬᠦ ᠮᠡᠲᠦ᠃
       (2) ᠴᠢᠨᠢ— ᠨᠣᠮ ᠴᠢᠨᠢ᠂ ᠨᠣᠮ ᠠ᠋ᠴᠠ ᠴᠢᠨᠢ᠂ ᠮᠣᠷᠢ ᠴᠢᠨᠢ᠂ ᠠᠪᠤ ᠴᠢᠨᠢ᠂ ᠠᠪᠤ ᠠ᠋ᠴᠠ ᠴᠢᠨᠢ᠂ ᠠᠬ᠎ᠠ ᠳ᠋ᠤ᠌ ᠴᠢᠨᠢ᠂ ᠡᠭᠡᠴᠢ ᠶ᠋ᠢ ᠴᠢᠨᠢ᠂ ᠳᠡᠭᠦᠦ ᠪᠡᠷ ᠴᠢᠨᠢ ᠭᠡᠬᠦ ᠮᠡᠲᠦ
       (3) ᠨᠢ— ᠲᠤᠭ ᠨᠢ᠂ ᠲᠤᠭ ᠢ᠋ᠶ᠋ᠠᠷ ᠨᠢ᠂ ᠡᠵᠢ ᠨᠢ᠂ ᠡᠵᠢ ᠡᠴᠡ ᠨᠢ᠂ ᠡᠭᠡᠵᠢ ᠨᠢ᠂ ᠶᠠᠪᠤᠬᠤ ᠠ᠋ᠴᠠ ᠨᠢ᠂ ᠡᠬᠡ ᠳ᠋ᠦ᠍ ᠨᠢ᠂ ᠳᠡᠭᠦᠦ ᠪᠡᠷ ᠨᠢ ᠭᠡᠬᠦ ᠮᠡᠲᠦ᠃

 ※ ᠢᠷᠡᠯᠲᠡ᠄ ᠶᠡᠷᠡᠭᠡᠳ ᠣᠨ ᠤ᠋ ᠪᠠᠭ᠎ᠠ ᠰᠤᠷᠭᠠᠭᠤᠯᠢ ᠶ᠋ᠢᠨ ᠬᠡᠯᠡ ᠪᠢᠴᠢᠭ ᠦ᠋ᠨ ᠠᠭᠤᠯᠭ᠎ᠠ ᠳ᠋ᠤ᠌ ᠰᠤᠷᠴᠤ ᠪᠠᠢᠭᠰᠠᠨ ᠬᠡᠯᠡᠨ ᠵᠦᠢ ᠶ᠋ᠢᠨ ᠮᠡᠳᠡᠯᠭᠡ ᠶ᠋ᠢ ᠬᠡᠯᠡᠨ ‍ᠦ ᠵᠦᠢ ᠡᠴᠡ ᠯᠠᠪᠯᠠᠵᠤ ᠡᠮᠬᠢᠳᠬᠡᠪᠡ᠃

       ᠡᠮᠬᠢᠳᠬᠡᠨ ᠨᠠᠢᠷᠠᠭᠤᠯᠵᠤ᠂ ᠦᠰᠦᠭ ᠠᠮᠢᠯᠠᠭᠤᠯᠤᠭᠴᠢ᠄ ᠣᠳᠬᠠᠨᠰᠣ᠎ᠠ