ᠬᠠᠪᠤᠯ ᠬᠠᠭᠠᠨ- ᠳᠠᠯᠠᠢ ᠶ᠋ᠢᠨ ᠮᠣᠩᠭᠣᠯ ᠲᠡᠦᠬᠡ ᠶ᠋ᠢᠨ ᠥᠷᠥᠭᠡХабул хаан
ᠬᠠᠪᠤᠯ ᠬᠠᠭᠠᠨ ᠨᠢ ᠴᠢᠩᠭᠢᠰ
ᠬᠠᠭᠠᠨ ᠤ᠋ ᠡᠯᠦᠨᠴᠡ ᠡᠴᠢᠭᠡ ᠪᠥᠭᠡᠳ ᠬᠠᠮᠤᠭ ᠮᠣᠩᠭᠣᠯ ᠤ᠋ᠨ ᠠᠩᠬᠠᠨ ᠤ᠋ ᠬᠠᠭᠠᠨ ᠶᠤᠮ᠃ ᠬᠠᠪᠤᠯ ᠬᠠᠭᠠᠨ ᠪᠣᠯ ᠪᠣᠳᠣᠨᠴᠠᠷ ᠤ᠋ᠨ ᠨᠠᠢ᠍ᠮᠠᠳᠤᠭᠠᠷ ᠦᠶ᠎ᠡ ᠶ᠋ᠢᠨ ᠠᠴᠢ ᠶᠤᠮ᠃
ᠬᠠᠪᠤᠯ ᠬᠠᠭᠠᠨ ᠤ᠋ ᠲᠡᠦᠬᠡ
ᠬᠠᠪᠤᠯ ᠬᠠᠭᠠᠨ ᠬᠠᠷ᠎ᠠ ᠪᠠᠭ᠎ᠠ ᠠ᠋ᠴᠠ ᠪᠠᠨ ᠤᠨᠤᠨ ᠮᠥᠷᠡᠨ ᠦ᠌ ᠤᠰᠤᠨ ᠳ᠋ᠤ᠌ ᠱᠤᠩᠪᠠᠵᠤ᠂ ᠰᠠᠢᠨ ᠤᠰᠤᠴᠢᠨ ᠪᠣᠯᠵᠠᠢ᠃ ᠲᠡᠷᠡᠪᠡᠷ ᠪᠦᠲᠦᠨ ᠬᠣᠨᠢᠨ ᠤ᠋ ᠮᠢᠬ᠎ᠠ ᠢᠳᠡᠵᠦ ᠳᠠᠭᠤᠰᠲᠠᠯ᠎ᠠ ᠤᠰᠤᠨ ᠳᠣᠣᠷ᠎ᠠ ᠪᠠᠢᠵᠤ ᠴᠢᠳᠠᠳᠠᠭ ᠠᠵᠠᠢ᠃ ᠬᠠᠮᠤᠭ ᠮᠣᠩᠭᠣᠯ ᠤᠯᠤᠰ ᠬᠠᠪᠤᠯ ᠬᠠᠭᠠᠨ ᠤ᠋ ᠦᠶ᠎ᠡ ᠳ᠋ᠦ᠍ ᠬᠦᠴᠦᠷᠬᠡᠭᠵᠢᠵᠦ᠂ ᠭᠠᠳᠠᠭᠠᠳᠤ ᠳ᠋ᠤ᠌ ᠨᠡᠷ᠎ᠡ ᠨᠢ ᠠᠯᠳᠠᠷᠰᠢᠪᠠ᠃ ᠵᠦᠷᠴᠢᠳ ᠦ᠋ᠨ ᠠᠯᠲᠠᠨ ᠤᠯᠤᠰ ᠤ᠋ᠨ ᠡᠯᠴᠢ 1130 ᠊ᠭᠠᠳ ᠣᠨ ᠤ᠋ ᠡᠬᠢ ᠪᠡᠷ ᠬᠠᠮᠤᠭ ᠮᠣᠩᠭᠣᠯ ᠳ᠋ᠤ᠌ ᠢᠷᠡᠵᠦ᠂ ᠬᠠᠪᠤᠯ ᠢ᠋ ᠨᠤᠲᠤᠭ ᠲᠤ᠌ ᠪᠠᠨ ᠠᠢᠯᠴᠢᠯᠠᠬᠤ ᠶ᠋ᠢ ᠤᠷᠢᠰᠠᠨ ᠬᠠᠭᠠᠨ ᠤ᠋ ᠪᠠᠨ ᠢᠯᠡᠭᠡᠯᠲᠡ ᠶ᠋ᠢ ᠭᠠᠷᠳᠠᠭᠤᠯᠵᠠᠢ᠃ ᠲᠡᠷᠡ ᠦᠶ᠎ᠡ ᠳ᠋ᠦ᠍ ᠵᠦᠷᠴᠢᠳ ᠦ᠋ᠳ ᠰᠦᠨ ᠤᠯᠤᠰ ᠲᠠᠢ ᠳᠠᠢᠳᠤᠵᠤ᠂ ᠬᠢᠲᠠᠳ ᠤ᠋ᠨ ᠰᠢᠷ᠎ᠠ ᠮᠥᠷᠡᠨ ᠡᠴᠡ ᠬᠣᠢᠰᠢᠬᠢ ᠪᠦᠬᠦ ᠨᠤᠲᠤᠭ ᠢ᠋ ᠡᠵᠡᠯᠡᠭᠡᠳ ᠪᠠᠢᠵᠠᠢ᠃ ᠬᠠᠪᠤᠯ ᠬᠠᠭᠠᠨ ᠴᠤ᠌ ᠠᠯᠲᠠᠨ ᠤᠯᠤᠰ ᠤ᠋ᠨ ᠪᠠᠢᠳᠠᠯ ᠢ᠋ ᠮᠡᠳᠡᠬᠦ ᠡᠷᠡᠮᠡᠯᠵᠡᠯ ᠲᠡᠢ ᠪᠠᠢᠭᠰᠠᠨ ᠲᠤᠯᠠ ᠤᠷᠢᠯᠭ᠎ᠠ ᠶ᠋ᠢ ᠬᠦᠯᠢᠶᠡᠨ ᠠᠪᠤᠪᠠ᠃ ᠠᠯᠲᠠᠨ ᠤᠯᠤᠰ ᠤ᠋ᠨ ᠬᠠᠭᠠᠨ ᠦᠵᠢᠮᠡᠢᠳ᠋ᠦ᠍ (1075-1135) ᠬᠠᠪᠤᠯ ᠤ᠋ᠨ ᠰᠦᠷ ᠬᠦᠴᠦ ᠶᠡᠬᠡ ᠲᠡᠢ ᠶ᠋ᠢ ᠦᠵᠡᠵᠦ᠂ ᠶᠣᠰᠣᠯᠠᠯ ᠲᠡᠭᠦᠯᠳᠡᠷ ᠤᠭᠲᠤᠨ᠂ ᠬᠦᠨᠳᠦᠳᠬᠡᠭᠰᠡᠨ ᠳᠦᠷᠢ ᠦᠵᠡᠭᠦᠯᠵᠦ ᠶᠡᠬᠡ ᠨᠠᠢᠷ ᠬᠢᠵᠡᠢ᠃ ᠬᠠᠪᠤᠯ ᠬᠠᠭᠠᠨ ᠬᠣᠭᠣᠯᠠᠨ ᠳ᠋ᠤ᠌ ᠬᠣᠣᠷ ᠬᠢᠭᠰᠡᠨ ᠪᠠᠢᠬᠤ ᠮᠠᠭᠠᠳ ᠦᠭᠡᠢ ᠭᠡᠵᠦ ᠰᠡᠷᠭᠡᠢᠯᠡᠵᠦ᠂ ᠠᠭᠠᠭᠢᠮ᠎ᠠ ᠬᠠᠯᠠᠭᠤᠨ ᠡᠴᠡ ᠰᠡᠷᠢᠭᠦᠴᠡᠬᠦ ᠨᠡᠷᠡᠢᠳᠦᠯ ᠢ᠋ᠶ᠋ᠡᠷ ᠭᠣᠣᠯ ᠤ᠋ᠨ ᠤᠰᠤᠨ ᠳ᠋ᠤ᠌ ᠱᠤᠩᠪᠠᠨ ᠢᠳᠡᠵᠦ ᠤᠤᠭᠤᠭᠰᠠᠨ ᠪᠦᠭᠦᠳᠡ ᠶ᠋ᠢ ᠪᠡᠨ ᠭᠠᠷᠭᠠᠭᠠᠳ ᠳᠠᠬᠢᠨ ᠠᠯᠲᠠᠨ ᠬᠠᠭᠠᠨ ᠤ᠋ ᠦᠷᠭᠦᠭᠡᠨ ᠳ᠋ᠦ᠍ ᠣᠷᠣᠵᠤ ᠢᠷᠡᠭᠡᠳ ᠥᠭᠭᠦᠭᠰᠡᠨ ᠪᠦᠬᠦ ᠬᠣᠭᠣᠯᠠ ᠤᠮᠳᠠ᠂ ᠠᠷᠢᠬᠢ ᠳᠠᠷᠠᠰᠤ ᠶ᠋ᠢ ᠬᠦᠷᠲᠡᠨ ᠰᠠᠭᠤᠵᠤ ᠪᠠᠢᠪᠠ᠃ ᠵᠦᠷᠴᠢᠳ ᠦ᠋ᠳ ᠰᠦᠷᠯᠢᠭ ᠲᠣᠮᠣ ᠪᠡᠶᠡᠲᠡᠢ᠂ ᠤᠬᠠᠭᠠᠯᠢᠭ ᠴᠢᠷᠠᠢ ᠲᠠᠢ᠂ ᠵᠢᠪᠬᠤᠯᠠᠩ ᠲᠡᠭᠦᠰ ᠡᠷ᠎ᠡ ᠶ᠋ᠢ ᠰᠤᠨᠵᠢᠵᠤ᠂ ᠶᠠᠮᠠᠷ ᠴᠤ᠌ ᠶᠡᠬᠡ ᠠᠷᠢᠬᠢ ᠤᠤᠭᠤᠭᠰᠠᠨ ᠰᠣᠭᠲᠣᠬᠤ ᠦᠭᠡᠢ ᠪᠠᠢᠭ᠎ᠠ ᠶ᠋ᠢ ᠭᠠᠢᠬᠠᠨ 《ᠪᠤᠷᠬᠠᠨ ᠡᠴᠡ ᠵᠠᠶᠠᠭᠠᠭᠰᠠᠨ ᠶᠡᠷᠦ ᠪᠤᠰᠤ ᠶ᠋ᠢᠨ ᠪᠠᠭᠠᠲᠤᠷ ᠴᠢᠭᠢᠷᠠᠭ ᠡᠷ᠎ᠡ ᠶᠤᠮ》 ᠭᠡᠵᠦ ᠭᠠᠢᠬᠠᠨ ᠱᠠᠭᠰᠢᠵᠤ ᠪᠠᠢᠵᠠᠢ᠃
ᠨᠢᠭᠡ ᠤᠳᠠᠭ᠎ᠠ ᠬᠠᠪᠤᠯ ᠬᠠᠭᠠᠨ ᠰᠠᠨᠠᠮᠰᠠᠷ ᠦᠭᠡᠢ ᠰᠣᠭᠲᠣᠵᠤ᠂ ᠲᠠᠲ᠋ᠠᠷ ᠵᠡᠷᠭᠡ ᠠᠢᠮᠠᠭ ᠢ᠋ ᠬᠠᠮᠤᠭ ᠮᠣᠩᠭᠣᠯ ᠤ᠋ᠨ ᠡᠰᠡᠷᠡᠭ ᠠᠯᠲᠠᠨ ᠤᠯᠤᠰ ᠢᠯᠡ ᠳᠠᠯᠳᠠ ᠥᠳᠥᠭᠡᠨ ᠲᠤᠷᠬᠢᠷᠠᠵᠤ ᠪᠠᠢᠳᠠᠭ ᠢ᠋ ᠡᠭᠳᠡᠭᠦᠴᠡᠵᠦ ᠶᠠᠪᠤᠳᠠᠭ ᠢ᠋ᠶ᠋ᠠᠨ ᠬᠡᠯᠡᠵᠦ᠂ ᠠᠯᠲᠠᠨ ᠤᠯᠤᠰ ᠤ᠋ᠨ ᠬᠠᠭᠠᠨ ᠤ᠋ ᠰᠠᠬᠠᠯ ᠢ᠋ ᠰᠢᠪᠲᠤᠷᠠᠵᠠᠢ᠃ ᠲᠡᠭᠡᠬᠦ ᠳ᠋ᠦ᠍ ᠠᠯᠲᠠᠨ ᠤᠯᠤᠰ ᠤ᠋ᠨ ᠲᠦᠰᠢᠮᠡᠯ ᠦ᠋ᠳ ᠬᠠᠪᠤᠯ ᠢ᠋ ᠪᠠᠷᠢᠵᠤ ᠴᠠᠭᠠᠵᠠᠯᠠᠬᠤ ᠶ᠋ᠢ ᠵᠠᠪᠳᠤᠪᠠ᠃
ᠠᠯᠲᠠᠨ ᠬᠠᠭᠠᠨ᠄ — ᠡᠨᠡ ᠪᠣᠯᠪᠠᠰᠤ ᠶᠣᠰᠣ ᠶ᠋ᠢ ᠠᠯᠳᠠᠭᠰᠠᠨ ᠬᠡᠷᠡᠭ᠃ ᠢᠯᠡ ᠪᠣᠯᠤᠭᠰᠠᠨ ᠪᠤᠰᠤ ᠭᠡᠮᠡᠨ ᠭᠡᠯᠳᠦᠷᠢᠭᠦᠯᠵᠦ᠂ ᠦᠨᠡᠲᠦ ᠪᠡᠯᠡᠭ ᠰᠡᠯᠲᠡ ᠥᠭᠴᠦ ᠬᠦᠨᠳᠦᠲᠦ ᠵᠣᠴᠢᠨ ᠤ᠋ ᠶᠣᠰᠣᠭᠠᠷ ᠪᠣᠰᠴᠠᠭᠠᠵᠠᠢ᠃ 1135 ᠣᠨ ᠳ᠋ᠤ᠌ ᠠᠯᠲᠠᠨ ᠤᠯᠤᠰ ᠤ᠋ᠨ ᠬᠠᠭᠠᠨ ᠰᠢᠷᠡᠭᠡᠨ ᠳ᠋ᠦ᠍ ᠡᠷᠭᠦᠮᠵᠢᠯᠡᠭᠳᠡᠭᠰᠡᠨ ᠡᠴᠡ ᠡᠬᠢᠯᠡᠨ ᠠᠯᠲᠠᠨ ᠤᠯᠤᠰ ᠬᠠᠮᠤᠭ ᠮᠣᠩᠭᠣᠯ ᠢ᠋ ᠴᠡᠷᠢᠭ ᠵᠡᠪᠰᠡᠭ ᠦ᠋ᠨ ᠬᠦᠴᠦ ᠪᠡᠷ ᠰᠢᠭᠤᠳ ᠡᠵᠡᠯᠡᠨ ᠠᠪᠬᠤ ᠶ᠋ᠢ ᠡᠷᠡᠮᠡᠯᠵᠡᠵᠦ ᠬᠤᠱᠠᠬᠤ ᠵᠠᠩᠵᠤᠨ ᠢ᠋ᠶ᠋ᠠᠷ ᠤᠳᠤᠷᠢᠳᠤᠭᠤᠯᠤᠭᠰᠠᠨ ᠶᠡᠬᠡ ᠴᠡᠷᠢᠭ ᠢ᠋ ᠮᠣᠩᠭᠣᠯ ᠨᠤᠲᠤᠭ ᠤᠷᠤᠭᠤ ᠢᠯᠡᠭᠡᠵᠡᠢ᠃ ᠬᠤᠱᠠᠬᠤ ᠬᠠᠮᠤᠭ ᠮᠣᠩᠭᠣᠯ ᠤ᠋ᠨ ᠡᠰᠡᠷᠡᠭ 4 ᠵᠢᠯ ᠣᠷᠴᠢᠮ ᠲᠤᠯᠤᠯᠳᠤᠭᠰᠠᠨ ᠪᠣᠯᠪᠠᠴᠤ ᠣᠯᠢᠭᠲᠠᠢ ᠠᠮᠵᠢᠯᠲᠠ ᠣᠯᠤᠭᠰᠠᠨ ᠦᠭᠡᠢ᠃ ᠬᠠᠪᠤᠯ ᠬᠠᠭᠠᠨ ᠬᠥᠮᠦᠨ ᠬᠦᠴᠦ ᠪᠡᠷ ᠳᠠᠪᠠᠭᠤ ᠵᠦᠷᠴᠢᠳ ᠦ᠋ᠳ ᠲᠡᠢ ᠶᠡᠬᠡ ᠳ᠋ᠦ᠍ ᠪᠣᠯᠭᠣᠮᠵᠢᠲᠠᠢ ᠲᠤᠯᠤᠯᠳᠤᠵᠤ ᠪᠠᠭ᠎ᠠ ᠬᠦᠴᠦ ᠪᠡᠷ ᠢᠯᠡᠭᠦᠦ ᠠᠮᠵᠢᠯᠲᠠᠨ ᠳ᠋ᠤ᠌ ᠬᠦᠷᠬᠦ ᠶ᠋ᠢ ᠵᠣᠷᠢᠵᠤ ᠪᠠᠢᠪᠠ᠃ ᠬᠠᠪᠤᠯ ᠳᠣᠪᠲᠣᠯᠤᠨ ᠢᠷᠡᠭᠰᠡᠨ ᠵᠦᠷᠴᠢᠳ ᠦ᠋ᠨ ᠶᠡᠬᠡ ᠴᠡᠷᠢᠭ ᠢ᠋ ᠭᠠᠵᠠᠷ ᠮᠡᠳᠡᠬᠦ ᠦᠭᠡᠢ ᠪᠠᠢᠳᠠᠯ ᠢ᠋ ᠨᠢ ᠠᠰᠢᠭᠯᠠᠨ ᠨᠤᠲᠤᠭ ᠤ᠋ᠨ ᠢ᠋ᠶ᠋ᠠᠨ ᠬᠦᠨᠳᠦ ᠡᠰᠡᠷᠭᠦᠴᠡᠯ ᠦᠭᠡᠢ ᠰᠢᠬᠠᠵᠤ ᠣᠷᠣᠭᠤᠯᠤᠭᠠᠳ ᠲᠡᠳᠡᠨ ᠦ᠌ ᠬᠥᠳᠡᠯᠬᠦ ᠪᠦᠷᠢ ᠶ᠋ᠢ ᠬᠢᠨᠠᠮᠠᠭᠠᠢ ᠠᠵᠢᠭᠯᠠᠵᠤ ᠴᠥᠭᠡᠨ ᠴᠡᠷᠢᠭ ᠢ᠋ᠶ᠋ᠡᠷ ᠠᠯᠤᠰ ᠡᠴᠡ ᠡᠳᠦᠵᠦ ᠴᠢᠯᠠᠭᠤ ᠬᠥᠭᠡᠭᠡᠯᠭᠡᠨ ᠳᠠᠢᠰᠤᠨ ᠢ᠋ᠶ᠋ᠠᠨ ᠰᠤᠯᠠᠳᠠᠭᠠᠵᠤ᠂ ᠰᠡᠳᠬᠢᠯ ᠰᠠᠨᠠᠭ᠎ᠠ ᠶ᠋ᠢ ᠨᠢ ᠦᠬᠦᠭᠦᠯᠵᠦ ᠪᠠᠢᠯ᠎ᠠ᠃ ᠬᠤᠱᠠᠬᠤ ᠴᠡᠷᠢᠭ ᠮᠣᠩᠭᠣᠯ ᠤ᠋ᠨ ᠠᠭᠤᠳᠠᠮ ᠲᠠᠯ᠎ᠠ᠂ ᠬᠡᠨᠲᠡᠢ ᠨᠢᠷᠤᠭᠤᠨ ᠤ᠋ ᠪᠠᠷᠲᠠᠭᠠᠲᠤ ᠠᠭᠤᠯᠠᠰ ᠳᠤᠮᠳᠠ ᠬᠥᠮᠦᠨ ᠮᠠᠯ ᠢ᠋ᠶ᠋ᠠᠨ ᠰᠤᠯᠠᠳᠠᠨ ᠶᠠᠳᠠᠷᠠᠭᠠᠵᠤ᠂ ᠬᠣᠭᠣᠯᠠ ᠬᠦᠨᠡᠰᠦ ᠪᠡᠨ ᠳᠠᠭᠤᠰᠤᠭᠰᠠᠨ ᠤ᠋ ᠤᠯᠠᠮ ᠡᠴᠡ ᠠᠷᠭ᠎ᠠ ᠦᠭᠡᠢ ᠶ᠋ᠢᠨ ᠡᠷᠬᠡᠨ ᠳ᠋ᠦ᠍ ᠪᠤᠴᠠᠵᠤ ᠡᠬᠢᠯᠡᠬᠦ ᠳ᠋ᠦ᠍ ᠬᠠᠪᠤᠯ ᠬᠠᠭᠠᠨ ᠤ᠋ ᠤᠳᠤᠷᠢᠳᠤᠭᠰᠠᠨ ᠬᠠᠮᠤᠭ ᠮᠣᠩᠭᠣᠯ ᠤ᠋ᠨ ᠭᠠᠪᠰᠢᠭᠠᠢ ᠡᠷᠡᠴᠦᠳ ᠭᠡᠨᠡᠳᠲᠡ ᠤᠤᠬᠠᠢᠯᠠᠨ ᠳᠣᠪᠲᠣᠯᠤᠨ ᠴᠣᠬᠢᠵᠤ ᠬᠠᠢᠯᠠᠨ ᠠᠭᠤᠯᠠ ᠶ᠋ᠢᠨ ᠣᠷᠴᠢᠮ 1139 ᠣᠨ ᠳ᠋ᠤ᠌ ᠪᠦᠷᠢᠮᠦᠰᠦᠨ ᠰᠥᠨᠥᠵᠡᠢ᠃ ᠬᠠᠪᠤᠯ ᠬᠠᠭᠠᠨ ᠲᠡᠷᠡ ᠴᠠᠭ ᠡᠴᠡ ᠡᠬᠢᠯᠡᠨ ᠠᠯᠲᠠᠨ ᠤᠯᠤᠰ ᠢ᠋ ᠥᠪᠡᠷ ᠦ᠋ᠨ ᠭᠣᠣᠯ ᠳᠠᠢᠰᠤᠨ ᠢ᠋ᠶ᠋ᠠᠨ ᠭᠡᠵᠦ ᠦᠵᠡᠵᠦ ᠴᠡᠷᠢᠭ᠂ ᠵᠡᠪᠰᠡᠭ ᠬᠤᠷᠠᠯᠳᠤᠭᠤᠯᠤᠨ ᠰᠤᠷᠭᠠᠭᠤᠯᠢᠯᠠᠵᠤ᠂ ᠠᠯᠲᠠᠨ ᠤᠯᠤᠰ ᠲᠠᠢ ᠳᠠᠢᠳᠤᠵᠤ ᠡᠬᠢᠯᠡᠪᠡ᠃ ᠠᠯᠲᠠᠨ ᠤᠯᠤᠰ ᠲᠤᠬᠠᠢ ᠶ᠋ᠢᠨ ᠦᠶ᠎ᠡ ᠳ᠋ᠦ᠍ ᠬᠢᠲᠠᠳ ᠤ᠋ᠨ ᠰᠦᠨ ᠤᠯᠤᠰ ᠲᠠᠢ ᠰᠢᠢᠳᠪᠦᠷᠢᠯᠡᠬᠦ ᠲᠤᠯᠤᠯᠳᠤᠭᠠᠨ ᠬᠢᠵᠦ ᠪᠠᠢᠭᠰᠠᠨ ᠲᠤᠯᠠ ᠬᠠᠪᠤᠯ ᠤ᠋ᠨ ᠳᠣᠪᠲᠣᠯᠭᠠᠨ ᠢ᠋ ᠰᠥᠷᠦᠨ ᠵᠣᠭᠰᠣᠵᠤ ᠴᠢᠳᠠᠯ ᠦᠭᠡᠢ ᠬᠣᠢᠲᠤ ᠬᠢᠯᠢ ᠣᠷᠴᠢᠮ ᠤ᠋ᠨ ᠢ᠋ᠶ᠋ᠠᠨ 27 ᠴᠠᠢᠵᠠ᠂ ᠪᠣᠭᠣᠮᠲᠠ ᠶ᠋ᠢ ᠠᠯᠳᠠᠭᠰᠠᠨ ᠠᠵᠠᠢ᠃ 1141 ᠣᠨ ᠳ᠋ᠤ᠌ ᠠᠯᠲᠠᠨ ᠤᠯᠤᠰ᠂ ᠰᠦᠨ ᠤᠯᠤᠰ ᠬᠣᠶᠠᠷ ᠤ᠋ᠨ ᠲᠡᠢᠨ ᠳᠠᠭᠤᠰᠴᠤ᠂ ᠰᠦᠨ ᠤᠯᠤᠰ ᠪᠠᠭᠤᠵᠤ ᠥᠭᠭᠦᠭᠰᠡᠨ ᠢ᠋ᠶ᠋ᠡᠷ ᠠᠯᠲᠠᠨ ᠤᠯᠤᠰ ᠮᠣᠩᠭᠣᠯᠴᠤᠳ ᠤ᠋ᠨ ᠡᠰᠡᠷᠡᠭ ᠪᠦᠬᠦ ᠬᠦᠴᠦ ᠪᠡᠷ ᠢ᠋ᠶ᠋ᠡᠨ ᠳᠠᠢᠳᠤᠬᠤ ᠪᠣᠯᠤᠮᠵᠢ ᠲᠠᠢ ᠪᠣᠯᠪᠠ᠃ ᠭᠡᠪᠡᠴᠦ ᠬᠠᠪᠤᠯ ᠬᠠᠭᠠᠨ ᠴᠤ᠌ ᠴᠠᠭ ᠢ᠋ ᠳᠡᠮᠡᠢ ᠦᠷᠡᠭᠰᠡᠨ ᠦᠭᠡᠢ᠃ ᠲᠡᠷᠡᠪᠡᠷ ᠥᠪᠡᠷ ᠦ᠋ᠨ ᠴᠡᠷᠢᠭ ᠵᠡᠪᠰᠡᠭ ᠢ᠋ ᠨᠡᠮᠡᠭᠳᠡᠭᠦᠯᠬᠦ ᠶ᠋ᠢᠨ ᠵᠡᠷᠭᠡᠴᠡᠭᠡ ᠠᠯᠲᠠᠨ ᠤᠯᠤᠰ ᠤ᠋ᠨ ᠴᠡᠷᠢᠭ ᠦ᠋ᠨ ᠳᠣᠲᠣᠷ᠎ᠠ ᠪᠣᠰᠤᠯᠭ᠎ᠠ ᠭᠠᠷᠭᠠᠭᠰᠠᠨ ᠤ᠋ ᠤᠯᠠᠮ ᠡᠴᠡ ᠴᠠᠭᠠᠵᠠᠯᠠᠭᠤᠯᠤᠭᠰᠠᠨ ᠵᠦᠷᠴᠢᠳ ᠦ᠋ᠨ ᠲᠣᠮᠣᠬᠠᠨ ᠨᠣᠶᠠᠨ ᠳᠠᠯᠠᠨᠢ ᠬᠡᠮᠡᠭᠴᠢ ᠶ᠋ᠢᠨ ᠬᠦᠦ ᠲᠡᠢ ᠬᠣᠯᠪᠣᠭ᠎ᠠ ᠲᠣᠭᠲᠠᠭᠠᠵᠤ ᠲᠡᠭᠦᠨ ᠦ᠌ ᠠᠯᠪᠠᠲᠤ ᠢᠷᠭᠡᠳ ᠢ᠋ ᠠᠯᠲᠠᠨ ᠤᠯᠤᠰ ᠤ᠋ᠨ ᠡᠰᠡᠷᠡᠭ ᠲᠡᠮᠡᠴᠡᠯ ᠳ᠋ᠦ᠍ ᠠᠰᠢᠭᠯᠠᠬᠤ ᠪᠣᠯᠪᠠ᠃
ᠡᠨᠡ ᠪᠦᠬᠦ ᠦᠢᠯᠡ ᠶᠠᠪᠤᠳᠠᠯ ᠨᠢ ᠬᠠᠪᠤᠯ ᠤ᠋ᠨ ᠬᠦᠴᠦ ᠶ᠋ᠢ ᠤᠯᠠᠮ ᠨᠡᠮᠡᠭᠳᠡᠭᠦᠯᠪᠡ᠃ ᠰᠢᠽᠦᠨ ᠬᠠᠭᠠᠨ ᠬᠢᠲᠠᠳ ᠤ᠋ᠨ ᠰᠦᠨ ᠤᠯᠤᠰ ᠢ᠋ ᠪᠠᠭᠤᠯᠭᠠᠨ ᠠᠪᠴᠤ᠂ ᠶᠡᠬᠡ ᠢᠯᠠᠯᠲᠠ ᠪᠠᠢᠭᠤᠯᠤᠭᠰᠠᠨ ᠣᠵᠣ ᠵᠠᠩᠵᠤᠨ ᠢ᠋ ᠬᠠᠮᠤᠭ ᠮᠣᠩᠭᠣᠯ ᠤ᠋ᠨ ᠡᠰᠡᠷᠡᠭ ᠶᠡᠬᠡ ᠴᠡᠷᠢᠭ ᠢ᠋ᠶ᠋ᠡᠨ ᠲᠣᠯᠣᠭᠠᠢᠯᠠᠭᠤᠯᠤᠨ ᠬᠥᠳᠡᠯᠭᠡᠵᠡᠢ᠃ ᠵᠦᠷᠴᠢᠳ᠂ ᠮᠣᠩᠭᠣᠯᠴᠤᠳ ᠤ᠋ᠨ ᠬᠣᠭᠣᠷᠣᠨᠳᠣ ᠪᠦᠲᠦᠨ 5 ᠵᠢᠯ ᠦᠷᠭᠦᠯᠵᠢᠯᠡᠭᠰᠡᠨ ᠡᠨᠡ ᠲᠡᠢᠨ ᠳ᠋ᠦ᠍ ᠬᠠᠪᠤᠯ ᠬᠠᠭᠠᠨ ᠤ᠋ ᠡᠷᠡᠯᠬᠡᠭ ᠵᠣᠷᠢᠭ᠂ ᠠᠪᠬᠠᠯᠵᠢ ᠰᠠᠮᠪᠠᠭ᠎ᠠ᠂ ᠵᠠᠩᠵᠤᠨ ᠤ᠋ ᠤᠷ᠎ᠠ ᠴᠢᠳᠠᠪᠤᠷᠢ᠂ ᠶᠡᠬᠡᠳᠡ ᠳᠣᠪᠣᠢᠨ ᠭᠠᠷᠤᠭᠰᠠᠨ ᠢ᠋ ᠬᠡᠯᠡᠬᠦ ᠶᠠᠭᠤᠨ᠃ ᠠᠯᠲᠠᠨ ᠤᠯᠤᠰ ᠲᠤᠬᠠᠢ ᠶ᠋ᠢᠨ ᠦᠶ᠎ᠡ ᠳ᠋ᠦ᠍ ᠲᠥᠪ ᠠᠽᠢᠶ᠎ᠠ ᠶ᠋ᠢᠨ ᠬᠠᠮᠤᠭ ᠤ᠋ᠨ ᠬᠦᠴᠦᠷᠬᠡᠭ ᠤᠯᠤᠰ ᠪᠣᠯᠵᠤ ᠪᠠᠢᠭᠰᠠᠨ ᠠᠭᠠᠳ ᠵᠦᠷᠴᠢᠳ ᠦ᠋ᠨ ᠴᠡᠷᠢᠭ ᠲᠣᠭ᠎ᠠ ᠪᠠᠷ ᠣᠯᠠᠨ᠂ ᠲᠡᠭᠦᠨ ᠦ᠌ ᠳᠡᠭᠡᠷ᠎ᠡ ᠡᠮᠦᠨᠡᠲᠦ ᠬᠢᠲᠠᠳ ᠲᠤ᠌ ᠣᠯᠠᠨ ᠵᠢᠯ ᠲᠤᠯᠤᠯᠳᠤᠵᠤ ᠲᠡᠢᠨ ᠦ᠌ ᠳᠠᠳᠤᠯᠭ᠎ᠠ ᠲᠤᠷᠰᠢᠯᠭ᠎ᠠ ᠪᠠᠷ ᠢᠯᠡᠭᠦᠦ ᠪᠠᠢᠭᠰᠠᠨ ᠵᠡᠷᠭᠡ ᠣᠯᠠᠨ ᠵᠦᠢᠯ ᠢ᠋ᠶ᠋ᠡᠷ ᠳᠠᠪᠠᠭᠤᠲᠠᠢ ᠪᠠᠢᠭᠰᠠᠨ ᠪᠣᠯᠪᠠᠴᠤ ᠬᠠᠪᠤᠯ ᠬᠠᠭᠠᠨ ᠤ᠋ ᠤᠳᠤᠷᠢᠳᠤᠭᠰᠠᠨ ᠮᠣᠩᠭᠣᠯᠴᠤᠳ ᠲᠡᠷᠡ ᠶᠡᠬᠡ ᠲᠤᠯᠤᠯᠳᠤᠭᠠᠨ ᠳ᠋ᠤ᠌ ᠢᠯᠠᠵᠤ ᠭᠠᠷᠤᠭᠰᠠᠨ ᠶᠤᠮ᠃ 1147 ᠣᠨ ᠳ᠋ᠤ᠌ ᠬᠠᠮᠤᠭ ᠮᠣᠩᠭᠣᠯ᠂ ᠠᠯᠲᠠᠨ ᠤᠯᠤᠰ ᠬᠣᠶᠠᠷ ᠤ᠋ᠨ ᠬᠣᠭᠣᠷᠣᠨᠳᠣ ᠨᠠᠢᠷᠠᠮᠳᠠᠯ ᠤ᠋ᠨ ᠭᠡᠷ᠎ᠡ ᠪᠠᠢᠭᠤᠯᠤᠭᠳᠠᠵᠤ ᠲᠡᠭᠦᠪᠡᠷ ᠵᠦᠷᠴᠢᠳ ᠦ᠋ᠨ ᠰᠢᠫᠢᠨᠢ ᠭᠣᠣᠯ ᠡᠴᠡ ᠬᠣᠢᠰᠢᠬᠢ 27 ᠴᠠᠢᠵᠠ ᠶ᠋ᠢ ᠬᠠᠮᠤᠭ ᠮᠣᠩᠭᠣᠯ ᠳ᠋ᠤ᠌ ᠰᠢᠯᠵᠢᠭᠦᠯᠦᠨ ᠥᠭᠬᠦ᠂ ᠠᠯᠲᠠᠨ ᠤᠯᠤᠰ ᠬᠠᠮᠤᠭ ᠮᠣᠩᠭᠣᠯ ᠳ᠋ᠤ᠌ ᠵᠢᠯ ᠪᠦᠷᠢ ᠦᠬᠡᠷ᠂ ᠬᠣᠨᠢ᠂ ᠠᠮᠤ ᠪᠠᠷ ᠠᠯᠪᠠ ᠣᠯᠭᠣᠬᠤ ᠪᠣᠯᠪᠠ᠃ ᠲᠡᠭᠦᠨ ᠡᠴᠡ ᠭᠠᠳᠠᠨ᠎ᠠ ᠠᠯᠲᠠᠨ ᠬᠠᠭᠠᠨ ᠬᠠᠪᠤᠯ ᠳ᠋ᠤ᠌ ᠸᠠᠩ ᠬᠡᠷᠬᠡᠮ ᠱᠠᠩᠨᠠᠭᠰᠠᠨ ᠪᠣᠯᠪᠠᠴᠤ ᠲᠡᠷᠡᠪᠡᠷ ᠡᠷᠡᠰ ᠨᠢᠴᠤᠭᠠᠵᠤ ᠬᠦᠯᠢᠶᠡᠵᠦ ᠠᠪᠤᠭᠰᠠᠨ ᠦᠭᠡᠢ᠃ ᠬᠠᠪᠤᠯ ᠬᠠᠭᠠᠨ ᠠᠯᠲᠠᠨ ᠤᠯᠤᠰ ᠤ᠋ᠨ ᠸᠠᠩ ᠤ᠋ᠨ ᠬᠡᠷᠬᠡᠮ ᠲᠡᠢ᠂ ᠬᠡᠷᠬᠡᠮ ᠦᠭᠡᠢ ᠢᠵᠠᠭᠤᠷ ᠤ᠋ᠨ ᠮᠣᠩᠭᠣᠯᠴᠤᠳ ᠤ᠋ᠨ ᠬᠠᠤᠯᠢ ᠶᠣᠰᠣᠨ ᠤ᠋ ᠬᠠᠭᠠᠨ ᠭᠡᠳᠡᠭ ᠢ᠋ᠶ᠋ᠡᠨ ᠲᠡᠳᠡᠨ ᠳ᠋ᠦ᠍ ᠣᠢᠯᠠᠭᠠᠭᠤᠯᠵᠠᠢ᠃ ᠮᠥᠨ ᠠᠯᠲᠠᠨ ᠬᠠᠭᠠᠨ ᠤ᠋ ᠡᠴᠢᠨ᠎ᠡ ᠬᠣᠣᠷᠲᠤ ᠪᠣᠳᠣᠯᠭ᠎ᠠ ᠶ᠋ᠢ ᠲᠡᠷᠡᠪᠡᠷ ᠮᠡᠳᠡᠵᠦ ᠪᠠᠢᠭᠰᠠᠨ ᠲᠤᠯᠠ ᠸᠠᠩ ᠬᠡᠷᠬᠡᠮ ᠱᠠᠩᠨᠠᠭᠰᠠᠨ ᠢ᠋ ᠡᠷᠡᠰ ᠰᠢᠢᠳᠪᠦᠷᠢᠲᠡᠢ ᠨᠢᠴᠤᠭᠠᠭᠰᠠᠨ ᠬᠠᠷᠢᠭᠤ ᠥᠭᠴᠡᠢ᠃ 1147 ᠣᠨ ᠤ᠋ ᠭᠡᠷ᠎ᠡ ᠪᠡᠷ ᠠᠯᠲᠠᠨ ᠤᠯᠤᠰ ᠠᠷᠭ᠎ᠠ ᠪᠤᠶᠤ ᠶᠡᠬᠡ ᠪᠠᠭᠤᠯᠲᠠ ᠬᠢᠭᠰᠡᠨ ᠨᠢ ᠬᠠᠮᠤᠭ ᠮᠣᠩᠭᠣᠯ ᠤ᠋ᠨ ᠰᠦᠷ ᠬᠦᠴᠦᠨ ᠶᠡᠬᠡᠳᠡ ᠳᠡᠭᠡᠭᠰᠢᠯᠡᠵᠦ ᠬᠦᠴᠦᠷᠬᠡᠭ ᠠᠯᠲᠠᠨ ᠤᠯᠤᠰ ᠲᠠᠢ ᠡᠩ ᠵᠡᠷᠭᠡᠴᠡᠬᠦᠢᠴᠡ ᠪᠣᠯᠵᠤ ᠢᠷᠡᠭᠰᠡᠨ ᠢ᠋ ᠬᠠᠷᠠᠭᠤᠯᠵᠤ ᠪᠠᠢᠨ᠎ᠠ᠃
ᠬᠠᠪᠤᠯ ᠬᠠᠭᠠᠨ ᠤ᠋ ᠳᠣᠲᠣᠭᠠᠳᠤ ᠳ᠋ᠤ᠌ ᠪᠠᠨ ᠭᠦᠢᠴᠡᠳᠬᠡᠭᠰᠡᠨ ᠭᠣᠣᠯ ᠭᠠᠪᠢᠶ᠎ᠠ ᠪᠣᠯ ᠤᠯᠤᠰ ᠢ᠋ ᠪᠠᠢᠭᠤᠯᠤᠭᠰᠠᠨ᠂ ᠶᠡᠬᠡᠰ ᠳᠡᠭᠡᠳᠦᠰ ᠦ᠋ᠨ ᠬᠤᠷᠠᠯᠲᠠᠢ ᠶ᠋ᠢ ᠬᠤᠷᠠᠭᠤᠯᠤᠨ ᠬᠠᠭᠠᠨ ᠰᠣᠩᠭᠣᠵᠤ᠂ ᠪᠣᠷᠵᠢᠭᠢᠨ ᠤ᠋ ᠤᠭᠰᠠᠭ᠎ᠠ ᠵᠠᠯᠭᠠᠮᠵᠢᠯᠠᠯ ᠢ᠋ ᠪᠣᠢ ᠪᠣᠯᠭᠠᠭᠰᠠᠨ ᠶᠠᠪᠤᠳᠠᠯ ᠶᠤᠮ᠃ ᠬᠠᠪᠤᠯ ᠬᠠᠭᠠᠨ ᠮᠣᠩᠭᠣᠯ ᠤ᠋ᠨ ᠲᠡᠦᠬᠡᠨ ᠳ᠋ᠦ᠍ ᠶᠡᠬᠡ ᠭᠠᠪᠢᠶ᠎ᠠ ᠪᠠᠢᠭᠤᠯᠤᠭᠰᠠᠨ ᠤᠯᠤᠰ ᠲᠥᠷᠥ᠂ ᠴᠡᠷᠢᠭ ᠦ᠋ᠨ ᠲᠣᠮᠣ ᠵᠢᠳᠬᠦᠯᠲᠡᠨ ᠪᠠᠢᠵᠠᠢ᠃ ᠬᠠᠮᠤᠭ ᠮᠣᠩᠭᠣᠯ ᠤᠯᠤᠰ ᠢ᠋ ᠬᠠᠪᠤᠯ ᠬᠠᠭᠠᠨ ᠪᠠᠢᠭᠤᠯᠤᠭ᠎ᠠ ᠦᠭᠡᠢ ᠪᠣᠯ ᠮᠣᠩᠭᠣᠯᠴᠤᠳ ᠤ᠋ᠨ ᠨᠢᠭᠡᠳᠦᠯ ᠨᠡᠩ ᠤᠳᠠᠭᠠᠰᠢᠷᠠᠵᠤ ᠶᠡᠬᠡ ᠮᠣᠩᠭᠣᠯ ᠤᠯᠤᠰ ᠪᠠᠢᠭᠤᠯᠤᠭᠳᠠᠬᠤ ᠳ᠋ᠤ᠌ ᠴᠤ᠌ ᠪᠡᠷᠬᠡᠰᠢᠶᠡᠯ ᠤᠴᠢᠷ ᠪᠣᠯᠬᠤ ᠪᠠᠢᠭᠰᠠᠨ᠃ ᠠᠯᠤᠩᠭᠤᠸ᠎ᠠ ᠶ᠋ᠢᠨ ᠲᠩᠷᠢ ᠶ᠋ᠢᠨ ᠬᠥᠪᠡᠭᠦᠳ ᠢ᠋ᠶ᠋ᠡᠷ ᠣᠪᠣᠭᠯᠠᠭᠰᠠᠨ ᠪᠣᠷᠵᠢᠭᠢᠨ ᠣᠪᠣᠭ ᠢ᠋ ᠲᠡᠦᠬᠡ ᠶ᠋ᠢᠨ ᠲᠠᠢᠰᠠᠨ ᠳ᠋ᠤ᠌ ᠲᠡᠷᠢᠭᠦᠯᠡᠬᠦ ᠡᠭᠦᠷᠭᠡ ᠲᠡᠢ ᠡᠷᠭᠦᠨ ᠭᠠᠷᠭᠠᠵᠤ᠂ ᠮᠣᠩᠭᠣᠯ ᠤ᠋ᠨ ᠬᠠᠭᠠᠳ ᠤ᠋ᠨ ᠵᠠᠯᠭᠠᠮᠵᠢᠯᠠᠬᠤ ᠤᠭᠰᠠᠭ᠎ᠠ ᠭᠠᠷᠤᠯ ᠢ᠋ ᠲᠣᠭᠲᠠᠭᠠᠵᠤ᠂ ᠲᠡᠳᠡᠭᠡᠷ ᠴᠠᠭᠠᠨ ᠶᠠᠰᠤᠨ ᠤ᠋ ᠬᠠᠭᠠᠳ ᠤ᠋ᠨ ᠤᠳᠤᠷᠢᠳᠤᠯᠭ᠎ᠠ ᠶ᠋ᠢᠨ ᠳᠣᠣᠷ᠎ᠠ 《ᠣᠯᠠᠩᠬᠢ ᠶ᠋ᠢᠨ ᠮᠣᠩᠭᠣᠯ ᠤᠯᠤᠰ》 ᠪᠤᠶᠤ 《ᠬᠠᠮᠤᠭ ᠮᠣᠩᠭᠣᠯ》 ᠤᠯᠤᠰ ᠢ᠋ ᠲᠦᠷᠦᠭᠦᠦ ᠪᠠᠢᠭᠤᠯᠤᠭᠰᠠᠨ ᠨᠢ ᠬᠠᠪᠤᠯ ᠬᠠᠭᠠᠨ ᠤ᠋ ᠮᠣᠩᠭᠣᠯ ᠤ᠋ᠨ ᠲᠡᠦᠬᠡᠨ ᠳ᠋ᠦ᠍ ᠪᠠᠢᠭᠤᠯᠤᠭᠰᠠᠨ ᠬᠠᠮᠤᠭ ᠤ᠋ᠨ ᠲᠣᠮᠣ ᠭᠠᠪᠢᠶ᠎ᠠ ᠮᠥᠨ ᠶᠤᠮ᠃ ᠬᠠᠪᠤᠯ ᠬᠠᠭᠠᠨ ᠢ᠋ ᠵᠠᠷᠢᠮ ᠲᠡᠦᠬᠡ ᠶ᠋ᠢᠨ ᠨᠣᠮ ᠳ᠋ᠤ᠌ 《ᠰᠢᠨᠡᠴᠢᠯᠡᠭᠴᠢ ᠬᠠᠭᠠᠨ》᠂ 《ᠣᠯᠠᠨ ᠢ᠋ᠶ᠋ᠠᠷ ᠬᠡᠯᠡᠯᠴᠡᠬᠦ ᠠᠷᠠᠳᠴᠢᠯᠠᠯ ᠢ᠋ ᠲᠣᠭᠲᠠᠭᠠᠭᠴᠢ》 ᠭᠡᠬᠦ ᠮᠡᠲᠦ ᠪᠡᠷ ᠪᠢᠴᠢᠭᠰᠡᠨ ᠨᠢ ᠲᠡᠭᠦᠨ ᠦ᠌ ᠬᠤᠷᠠᠯᠲᠠᠢ ᠶ᠋ᠢᠨ ᠵᠢᠷᠤᠮ ᠢ᠋ ᠲᠣᠭᠲᠠᠭᠠᠵᠤ᠂ ᠬᠠᠭᠠᠨ ᠢ᠋ ᠰᠣᠩᠭᠣᠭᠤᠯᠢ ᠪᠠᠷ ᠭᠠᠷᠭᠠᠳᠠᠭ ᠪᠣᠯᠤᠭᠰᠠᠨ ᠢ᠋ ᠬᠡᠯᠡᠭᠰᠡᠨ ᠪᠠᠢᠨ᠎ᠠ᠃
ᠡᠢᠨᠬᠦ XI ᠵᠠᠭᠤᠨ ᠤ᠋ ᠲᠡᠷᠲᠡᠭᠡ ᠬᠠᠪᠤᠯ ᠬᠠᠭᠠᠨ ᠢᠵᠠᠭᠤᠷ ᠤ᠋ᠨ ᠮᠣᠩᠭᠣᠯᠴᠤᠳ ᠤ᠋ᠨ ᠲᠥᠷᠥ ᠤᠯᠤᠰ ᠢ᠋ ᠳᠠᠬᠢᠨ ᠰᠡᠷᠭᠦᠭᠡᠨ ᠪᠠᠢᠭᠤᠯᠤᠭᠰᠠᠨ ᠨᠢ ᠲᠥᠪ ᠠᠽᠢᠶ᠎ᠠ ᠶ᠋ᠢᠨ ᠤᠯᠤᠰ ᠲᠥᠷᠥ ᠶ᠋ᠢᠨ ᠠᠮᠢᠳᠤᠷᠠᠯ ᠳ᠋ᠤ᠌ ᠶᠡᠬᠡᠬᠡᠨ ᠡᠭᠦᠷᠭᠡ ᠭᠦᠢᠴᠡᠳᠬᠡᠬᠦ ᠪᠣᠯᠵᠤ᠂ ᠴᠢᠨᠠᠭᠰᠢᠳᠠ ᠪᠠᠨ ᠬᠠᠮᠤᠭ ᠮᠣᠩᠭᠣᠯ ᠢ᠋ ᠲᠣᠭᠣᠷᠢᠭᠤᠯᠤᠨ ᠲᠠᠲ᠋ᠠᠷ᠂ ᠮᠡᠷᠭᠢᠳ᠂ ᠬᠡᠷᠡᠢᠳ᠂ ᠨᠠᠢ᠍ᠮᠠᠨ ᠵᠡᠷᠭᠡ ᠮᠣᠩᠭᠣᠯ ᠤ᠋ᠨ ᠪᠤᠰᠤᠳ ᠠᠢᠮᠠᠭ᠂ ᠬᠠᠨᠯᠢᠭ ᠤᠯᠤᠰ ᠢ᠋ ᠨᠢᠭᠡᠳᠬᠡᠵᠦ᠂ ᠮᠣᠩᠭᠣᠯ ᠤ᠋ᠨ ᠨᠢᠭᠡᠳᠦᠭᠰᠡᠨ ᠤᠯᠤᠰ ᠪᠠᠢᠭᠤᠯᠬᠤ ᠰᠠᠭᠤᠷᠢ ᠶ᠋ᠢ ᠲᠠᠯᠪᠢᠭᠰᠠᠨ ᠪᠢᠯᠡ᠃ ᠬᠠᠪᠤᠯ ᠬᠠᠭᠠᠨ ᠤ᠋ ᠦᠨᠳᠦᠰᠦᠯᠡᠭᠰᠡᠨ ᠬᠠᠮᠤᠭ ᠮᠣᠩᠭᠣᠯ ᠤᠯᠤᠰ ᠲᠤ᠌ ᠾᠢᠦᠩᠨᠦ ᠡᠴᠡ ᠤᠯᠠᠮᠵᠢᠯᠠᠭᠰᠠᠨ ᠮᠣᠩᠭᠣᠯᠴᠤᠳ ᠤ᠋ᠨ ᠲᠥᠷᠥ ᠶ᠋ᠢᠨ ᠭᠠᠯ ᠭᠣᠯᠣᠮᠲᠠ᠂ ᠰᠦᠷ ᠰᠦᠯᠳᠡ᠂ ᠪᠡᠯᠭᠡ ᠲᠡᠮᠳᠡᠭ ᠨᠢ ᠪᠦᠭᠦᠳᠡ ᠪᠠᠢᠭᠰᠠᠨ ᠶᠤᠮ᠃ ᠾᠢᠦᠩᠨᠦ᠂ ᠰᠦᠮᠪᠦ᠂ ᠨᠢᠷᠤᠨ ᠤᠯᠤᠰ ᠤ᠋ᠨ ᠳᠠᠷᠠᠭ᠎ᠠ ᠢᠵᠠᠭᠤᠷ ᠤ᠋ᠨ ᠮᠣᠩᠭᠣᠯᠴᠤᠳ ᠤ᠋ᠨ ᠲᠥᠷᠥ ᠶᠣᠰᠣᠨ ᠤ᠋ ᠤᠯᠠᠮᠵᠢᠯᠠᠯ ᠢ᠋ ᠰᠡᠷᠭᠦᠭᠡᠨ ᠲᠡᠦᠬᠡ ᠶ᠋ᠢᠨ ᠲᠠᠪᠴᠠᠩ ᠳ᠋ᠤ᠌ ᠨᠢ ᠳᠠᠬᠢᠨ ᠭᠠᠷᠭᠠᠭᠰᠠᠨ ᠢ᠋ᠶ᠋ᠠᠷ ᠢ᠋ᠶ᠋ᠠᠨ ᠬᠠᠪᠤᠯ ᠬᠠᠭᠠᠨ ᠮᠣᠩᠭᠣᠯ ᠤ᠋ᠨ ᠬᠠᠭᠠᠳ ᠤ᠋ᠨ ᠳᠣᠲᠣᠷ᠎ᠠ ᠬᠦᠨᠳᠦ ᠲᠡᠢ ᠪᠠᠢᠷᠢ ᠡᠵᠡᠯᠡᠳᠡᠭ ᠪᠢᠯᠡ᠃ ᠬᠠᠪᠤᠯ ᠬᠠᠭᠠᠨ ᠡᠪᠡᠳᠴᠢᠨ ᠢ᠋ᠶ᠋ᠡᠷ ᠨᠠᠰᠤ ᠪᠠᠷᠠᠭᠰᠠᠨ ᠪᠠᠢᠨ᠎ᠠ᠃

