ᠲᠠᠪᠤᠨ ᠡᠷᠳᠡᠨᠢ-ᠵᠢᠮᠢᠰJimsee - Tavan Erdene Жимсээ - Таван Эрдэнэ
ᠲᠠᠪᠤᠨ ᠡᠷᠳᠡᠨᠢ
ᠠᠶ᠎ᠠ᠄ ᠵ·ᠪᠠᠲᠤᠰᠦ᠋ᠬᠡ
ᠦᠭᠡ᠄ ᠯ·ᠯᠤᠪᠰᠠᠩᠳᠣᠷᠵᠢ
ᠳᠠᠭᠤᠴᠢᠨ᠄ ᠫ·ᠵᠢᠮᠢᠰ
ᠡᠩᠭᠡᠷ ᠦ᠋ᠨ ᠢᠷᠭᠤᠢ ᠴᠠᠰᠤᠨ ᠳᠣᠣᠷ᠎ᠠ ᠵᠡᠭᠦᠳᠦᠯᠡᠬᠦ ᠳ᠋ᠦ᠍
ᠡᠬᠢᠨ ᠦ᠌ ᠲᠥᠯ ᠨᠠᠷᠠᠨ ᠨᠠᠭᠠᠰᠢᠯᠠᠵᠤ ᠴᠠᠩᠭᠢᠨᠠᠨ᠎ᠠ
ᠡᠵᠡᠨ ᠮᠠᠯᠴᠢᠨ ᠤ᠋ ᠮᠠᠩᠨᠠᠢ ᠲᠡᠨᠢᠢᠨ ᠪᠠᠶᠠᠷᠯᠠᠭᠠᠳ
ᠡᠬᠡ ᠣᠷᠣᠨ ᠤ᠋ ᠮᠢᠨᠢ ᠰᠥᠷᠦᠭ ᠨᠡᠮᠡᠯ᠎ᠡ ᠭᠡᠵᠦ ᠳᠠᠭᠤᠯᠠᠨ᠎ᠠ
ᠵᠢᠪᠠᠷ ᠤ᠋ᠨ ᠦᠵᠦᠭᠦᠷ ᠤᠶᠠᠷᠠᠵᠤ ᠴᠠᠭ ᠨᠠᠭᠠᠰᠢᠯᠠᠬᠤ ᠳ᠋ᠤ᠌
ᠴᠡᠯᠮᠡᠭ ᠰᠥᠨᠢ ᠶ᠋ᠢᠨ ᠣᠳᠣ ᠰᠢᠭ᠋ ᠲᠥᠯ ᠢ᠋ᠶ᠋ᠡᠷ ᠰᠥᠷᠦᠭ ᠪᠠᠶᠠᠵᠢᠨ᠎ᠠ
ᠥᠩᠭᠡ ᠠᠶᠠᠯᠭᠤ ᠵᠣᠬᠢᠷᠠᠯ ᠴᠢᠬᠢᠨ᠎ᠡ ᠢᠯᠳᠠᠮ ᠲᠠᠭᠠᠴᠠᠭᠠᠳ
ᠥᠨᠢᠷ ᠮᠠᠯᠴᠢᠨ ᠤ᠋ ᠬᠣᠲᠠ ᠲᠠᠪᠤᠨ ᠡᠷᠳᠡᠨᠢ ᠶ᠋ᠢᠨ ᠳᠠᠯᠠᠢ
ᠲᠠᠪᠤᠨ ᠪᠦᠯᠢᠶᠡᠨ ᠵᠢᠰᠦ
ᠲᠠᠪᠤᠨ ᠤᠶᠠᠬᠠᠨ ᠡᠬᠡᠰᠢᠭ
ᠲᠠᠩᠰᠢ ᠲᠠᠪᠤᠨ ᠬᠦᠰᠡᠯ ᠦ᠋ᠨ
ᠠᠮᠢᠳᠤ ᠲᠠᠪᠤᠨ ᠡᠷᠳᠡᠨᠢ
ᠠᠩᠬᠠᠨ ᠤ᠋ ᠪᠣᠷᠣᠭ᠎ᠠ ᠴᠡᠴᠡᠭ ᠦ᠋ᠨ ᠳᠡᠯᠪᠡᠭᠡ ᠶ᠋ᠢ ᠲᠠᠭᠠᠯᠠᠬᠤ ᠳ᠋ᠤ᠌
ᠲᠠᠪᠤᠨ ᠡᠷᠳᠡᠨᠢ ᠳᠡᠯᠡᠬᠡᠢ ᠳ᠋ᠦ᠍ ᠦᠷ᠎ᠡ ᠪᠡᠨ ᠬᠠᠢᠷᠠᠯᠠᠨ᠎ᠠ
ᠬᠣᠲᠠᠯᠠ ᠣᠯᠠᠨ ᠲᠥᠯ ᠦ᠋ᠨ ᠳᠠᠭᠤᠨ ᠳ᠋ᠤ᠌ ᠪᠠᠨ ᠪᠠᠶᠠᠰᠤᠭᠠᠳ
ᠬᠣᠷᠸ᠎ᠠ ᠶ᠋ᠢᠨ ᠨᠠᠷᠠᠨ ᠰᠠᠭᠠᠲᠠᠨ ᠪᠠᠢᠵᠤ ᠴᠢᠩᠨᠠᠨ᠎ᠠ
ᠲᠠᠪᠤᠨ ᠪᠦᠯᠢᠶᠡᠨ ᠵᠢᠰᠦ
ᠲᠠᠪᠤᠨ ᠤᠶᠠᠬᠠᠨ ᠡᠬᠡᠰᠢᠭ
ᠲᠠᠩᠰᠢ ᠲᠠᠪᠤᠨ ᠬᠦᠰᠡᠯ ᠦ᠋ᠨ
ᠠᠮᠢᠳᠤ ᠲᠠᠪᠤᠨ ᠡᠷᠳᠡᠨᠢ
ᠲᠠᠪᠤᠨ ᠪᠦᠯᠢᠶᠡᠨ ᠵᠢᠰᠦ
ᠲᠠᠪᠤᠨ ᠤᠶᠠᠬᠠᠨ ᠡᠬᠡᠰᠢᠭ
ᠲᠠᠩᠰᠢ ᠲᠠᠪᠤᠨ ᠬᠦᠰᠡᠯ ᠦ᠋ᠨ
ᠠᠮᠢᠳᠤ ᠲᠠᠪᠤᠨ ᠡᠷᠳᠡᠨᠢ
ᠦᠰᠦᠭ ᠠᠮᠢᠯᠠᠭᠤᠯᠤᠭᠴᠢ᠄ ᠪᠠᠢ· ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠠᠰᠬ᠎ᠠ᠂ ᠪᠢᠮᠪᠠ᠂ ᠲᠣᠳᠣᠭᠡᠷᠡᠯ