ᠬᠤᠨᠳᠠᠭᠠᠨ ᠴᠡᠴᠡᠭ ᠦ᠋ᠨ ᠦᠷ᠎ᠡХундаган цэцгийн үр Khundagan tsetsgiin ür ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠨᠳᠠᠭᠠᠨ ᠴᠡᠴᠡᠭ ᠦ᠋ᠨ ᠦᠷ᠎ᠡХундаган цэцгийн үр Khundagan tsetsgiin ür

ᠬᠤᠨᠳᠠᠭᠠᠨ ᠴᠡᠴᠡᠭ ᠦ᠋ᠨ ᠦᠷ᠎ᠡХундаган цэцгийн үр Khundagan tsetsgiin ür

2025-04-15

208

ᠬᠤᠨᠳᠠᠭᠠᠨ ᠴᠡᠴᠡᠭ ᠦ᠋ᠨ ᠦᠷ᠎ᠡ

   ᠲᠤᠰ ᠡᠮ ᠪᠣᠯ ᠰᠡᠳᠡᠷᠭᠡᠨ᠎ᠡ ᠶ᠋ᠢᠨ ᠢᠵᠠᠭᠤᠷ ᠤ᠋ᠨ ᠤᠷᠭᠤᠮᠠᠯ ᠪᠣᠯᠬᠤ ᠬᠤᠨᠳᠠᠭᠠᠨ ᠴᠡᠴᠡᠭ ᠪᠤᠶᠤ ᠪᠣᠷᠣ ᠬᠤᠨᠳᠠᠭᠠᠨ ᠴᠡᠴᠡᠭ ᠦ᠋ᠨ ᠪᠣᠯᠪᠠᠰᠤᠷᠠᠭᠰᠠᠨ ᠦᠷ᠎ᠡ ᠮᠥᠨ᠃

   [ ᠤᠤᠯ ᠤᠷᠭᠤᠮᠠᠯ]1. ᠬᠤᠨᠳᠠᠭᠠᠨ ᠴᠡᠴᠡᠭ ᠨᠢᠭᠡ ᠨᠠᠰᠤᠲᠤ ᠠᠪᠠᠷᠢᠵᠤ ᠤᠷᠭᠤᠬᠤ ᠡᠪᠡᠰᠦᠯᠢᠭ ᠤᠷᠭᠤᠮᠠᠯ᠃ ᠡᠰᠢ ᠨᠢ ᠣᠷᠢᠶᠠᠵᠤ ᠤᠷᠭᠤᠨ᠎ᠠ᠂ ᠲᠣᠩᠭᠣᠷᠤᠤ ᠣᠬᠣᠷ ᠦᠰᠦ ᠲᠡᠢ᠃ ᠨᠠᠪᠴᠢᠨ ᠢᠯᠲᠠᠰᠤ ᠨᠢ ᠥᠷᠭᠡᠨ ᠥᠨᠳᠡᠭᠡᠯᠵᠢᠨ ᠬᠡᠯᠪᠡᠷᠢ ᠲᠡᠢ᠂3 ᠣᠨᠢ ᠲᠠᠢ᠂ ᠨᠠᠪᠴᠢ ᠨᠢ ᠳᠤᠮᠳᠠ ᠬᠡᠰᠡᠭ ᠲᠦ᠍ ᠬᠦᠷᠦᠨ᠎ᠡ᠃ ᠳᠤᠮᠳᠠᠬᠢ ᠰᠡᠵᠢᠭᠦᠷ ᠢᠯᠲᠠᠰᠤ ᠨᠢ ᠨᠡᠯᠢᠶᠡᠳ ᠤᠷᠲᠤ᠂ ᠥᠨᠳᠡᠭᠡᠯᠵᠢᠨ ᠲᠣᠭᠣᠷᠢᠭ᠂ ᠬᠠᠵᠠᠭᠤ ᠶ᠋ᠢᠨ ᠰᠡᠵᠢᠭᠦᠷ ᠢᠯᠲᠠᠰᠤ ᠨᠢ ᠲᠠᠰᠢᠭᠤ ᠥᠨᠳᠡᠭᠡᠯᠵᠢᠨ ᠬᠡᠯᠪᠡᠷᠢ ᠲᠡᠢ᠂ ᠣᠬᠣᠷ ᠱᠣᠪᠲᠤᠭᠤᠷ ᠦᠵᠦᠭᠦᠷ ᠲᠡᠢ᠃ ᠵᠢᠷᠦᠬᠡᠨ ᠬᠡᠯᠪᠡᠷᠢᠲᠦ ᠤᠭ ᠲᠠᠢ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠳ᠋ᠤᠨᠢ ᠪᠦᠷ ᠦᠰᠦ ᠲᠡᠢ᠃ ᠴᠡᠴᠡᠭ ᠨᠢ1 ~ 3 ᠬᠦᠢᠰ᠂ ᠨᠠᠪᠴᠢᠨ ᠰᠤᠭᠤ ᠳ᠋ᠤ᠌ ᠳᠡᠯᠭᠡᠷᠡᠨ᠎ᠡ᠂ ᠶᠡᠷᠦᠩᠬᠡᠢ ᠴᠡᠴᠡᠭ ᠦ᠋ᠨ ᠪᠠᠷᠢᠭᠤᠯ ᠲᠠᠢ᠃2 ᠪᠠᠭᠯᠠᠭᠴᠢ ᠢᠯᠲᠠᠰᠤ ᠲᠠᠢ᠃ ᠲᠣᠭᠳᠣᠢ ᠨᠢ5 ᠭᠦᠨ ᠣᠨᠢ ᠲᠠᠢ᠂ ᠰᠡᠵᠢᠭᠦᠷ ᠢᠯᠲᠠᠰᠤ ᠨᠢ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂2 ~ 2.5cm ᠤᠷᠲᠤ᠂ ᠰᠡᠭᠦᠯ ᠰᠢᠭ ᠤᠷᠲᠤ ᠱᠣᠪᠣᠭᠣᠷ ᠦᠵᠦᠭᠦᠷ ᠲᠡᠢ᠂ ᠤᠭ ᠲᠤᠨᠢ ᠤᠷᠲᠤ ᠦᠰᠦ ᠲᠡᠢ᠃ ᠴᠡᠴᠡᠭ ᠦ᠋ᠨ ᠳᠡᠯᠪᠢ ᠨᠢ ᠶᠡᠭᠦᠯᠡᠭᠦᠷ ᠬᠡᠯᠪᠡᠷᠢ ᠲᠡᠢ᠂ ᠦᠵᠦᠭᠦᠷ ᠨᠢ5 ᠭᠦᠢᠬᠡᠨ ᠣᠨᠢ ᠲᠠᠢ᠂ ᠪᠣᠷᠣ ᠭᠦᠢᠬᠡᠨ ᠤᠯᠠᠭᠠᠨ᠂ ᠭᠦᠢᠬᠡᠨ ᠬᠥᠬᠡ᠂ ᠪᠣᠷᠣᠪᠲᠤᠷ ᠬᠥᠬᠡ ᠥᠩᠭᠡ ᠲᠡᠢ᠂ ᠳᠡᠭᠡᠷ᠎ᠡ ᠬᠡᠰᠡᠭ ᠦ᠋ᠨ ᠥᠩᠭᠡ ᠨᠢ ᠨᠡᠯᠢᠶᠡᠳ ᠭᠦᠨ᠂ ᠳᠣᠣᠷ᠎ᠠ ᠬᠡᠰᠡᠭ ᠦ᠋ᠨ ᠥᠩᠭᠡ ᠨᠢ ᠨᠡᠯᠢᠶᠡᠳ ᠭᠦᠢᠬᠡᠨ ᠪᠤᠶᠤ ᠴᠠᠭᠠᠨ᠃5 ᠡᠷ᠎ᠡ ᠲᠣᠭᠣᠷᠴᠣᠭ ᠲᠠᠢ᠂ ᠲᠣᠭᠣᠰᠣᠪᠴᠢ ᠨᠢ ᠤᠷᠲᠤᠯᠵᠢᠨ ᠲᠣᠭᠣᠷᠢᠭ ᠬᠡᠯᠪᠡᠷᠢ ᠲᠡᠢ᠂ ᠳᠣᠬᠢᠭᠤᠷ ᠤ᠋ᠨ ᠤᠭ ᠲᠤᠨᠢ ᠵᠥᠭᠡᠯᠡᠨ ᠦᠰᠦ ᠲᠡᠢ᠃1 ᠡᠮ᠎ᠡ ᠲᠣᠭᠣᠷᠴᠣᠭ ᠲᠠᠢ᠂ ᠳᠡᠭᠡᠳᠦ ᠣᠷᠣᠨᠲᠤ ᠤᠮᠠᠢ ᠲᠠᠢ᠂ ᠲᠣᠭᠣᠷᠢᠭ᠂ ᠪᠠᠭᠠᠨ᠎ᠠ ᠶ᠋ᠢᠨ ᠠᠮᠠᠰᠠᠷ ᠨᠢ3 ᠣᠨᠢ ᠲᠠᠢ᠃ ᠬᠣᠩᠭᠣᠷᠴᠣᠭᠲᠤ ᠵᠢᠮᠢᠰ ᠨᠢ ᠪᠥᠮᠪᠦᠭᠡᠨ ᠬᠡᠯᠪᠡᠷᠢ ᠲᠡᠢ᠂ ᠮᠥᠩᠬᠡ ᠣᠷᠣᠰᠢᠬᠤ ᠴᠡᠴᠡᠭ ᠦ᠋ᠨ ᠲᠣᠭᠳᠣᠢ ᠳ᠋ᠤ᠌ ᠪᠠᠭᠯᠠᠭᠳᠠᠵᠤ ᠪᠣᠢ᠂3 ᠲᠠᠰᠤᠭ ᠲᠠᠢ᠂ ᠲᠠᠰᠤᠭ ᠪᠦᠷᠢ2 ᠮᠥᠬᠥᠯᠢᠭ ᠦᠷ᠎ᠡ ᠲᠡᠢ᠃ ᠦᠷ᠎ᠡ ᠨᠢ ᠥᠨᠳᠡᠭᠡᠯᠵᠢᠨ ᠭᠤᠷᠪᠠᠨ ᠢᠷᠮᠡᠭᠲᠦ ᠬᠡᠯᠪᠡᠷᠢ ᠲᠡᠢ᠂4 ~ 8mm ᠤᠷᠲᠤ᠂3 ~ 5mm ᠥᠷᠭᠡᠨ᠂ ᠴᠠᠢᠪᠤᠷ ᠬᠠᠷ᠎ᠠ ᠪᠤᠶᠤ ᠭᠦᠢᠬᠡᠨ ᠰᠢᠷᠠᠩᠭᠤᠢ ᠴᠠᠭᠠᠨ ᠥᠩᠭᠡ ᠲᠡᠢ᠃6 ~ 9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂7 ~ 10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃

   2.ᠪᠣᠷᠣ ᠬᠤᠨᠳᠠᠭᠠᠨ ᠴᠡᠴᠡᠭ ᠳᠡᠭᠡᠷᠡᠬᠢ ᠳᠦᠷᠰᠦ ᠲᠡᠢ ᠠᠳᠠᠯᠢ ᠦᠭᠡᠢ ᠵᠦᠢᠯ ᠭᠡᠪᠡᠯ ᠪᠦᠬᠦ ᠪᠡᠶ᠎ᠡ ᠳ᠋ᠦ᠍ᠨᠢ ᠢᠬᠴᠤ ᠴᠠᠭᠠᠨ ᠤᠷᠲᠤ ᠦᠰᠦ ᠲᠡᠢ᠃ ᠨᠠᠪᠴᠢ ᠨᠢ ᠥᠷᠭᠡᠨ ᠵᠢᠷᠦᠬᠡᠨ ᠬᠡᠯᠪᠡᠷᠢ ᠲᠡᠢ᠂ ᠪᠦᠲᠦᠨ ᠬᠥᠪᠡᠭᠡ ᠲᠡᠢ᠃ ᠨᠠᠪᠴᠢᠨ ᠪᠠᠷᠢᠭᠤᠯ ᠨᠢ ᠶᠡᠷᠦᠩᠬᠡᠢ ᠴᠡᠴᠡᠭ ᠦ᠋ᠨ ᠪᠠᠷᠢᠭᠤᠯ ᠲᠠᠢ ᠪᠠᠨ ᠪᠠᠷᠤᠭ ᠲᠡᠩᠴᠡᠭᠦᠦ ᠤᠷᠲᠤ᠃ ᠴᠡᠴᠡᠭ ᠦ᠋ᠨ ᠲᠣᠭᠳᠣᠢ ᠶ᠋ᠢᠨ ᠰᠡᠵᠢᠭᠦᠷ ᠢᠯᠲᠠᠰᠤ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠨᠡᠯᠢᠶᠡᠳ ᠣᠬᠣᠷ᠂1cm ᠣᠷᠴᠢᠮ ᠤᠷᠲᠤ᠂ ᠬᠤᠷᠴᠠ ᠱᠣᠪᠬᠣ᠃7 ~ 9 ᠳ᠋ᠦ᠍ᠭᠡᠷ ᠰᠠᠷ᠎ᠠ ᠳ᠋ᠤ᠌ ᠴᠡᠴᠡᠭᠯᠡᠵᠦ᠂8 ~ 10 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃

   [ ᠤᠷᠭᠤᠬᠤ ᠣᠷᠴᠢᠨ ᠬᠢᠭᠡᠳ ᠲᠠᠷᠬᠠᠴᠠ] ᠬᠤᠨᠳᠠᠭᠠᠨ ᠴᠡᠴᠡᠭ ᠪᠣᠯ ᠠᠭᠤᠯᠠᠨ ᠬᠠᠵᠠᠭᠤ ᠶ᠋ᠢᠨ ᠪᠤᠲᠠ ᠰᠥᠭᠡᠭ ᠪᠤᠶᠤ ᠠᠢᠯ ᠤ᠋ᠨ ᠵᠠᠬ᠎ᠠ ᠳ᠋ᠤ᠌ ᠤᠷᠭᠤᠨ᠎ᠠ᠃ ᠪᠣᠷᠣ ᠬᠤᠨᠳᠠᠭᠠᠨ ᠴᠡᠴᠡᠭ ᠤᠤᠯ ᠳ᠋ᠠᠭᠠᠨ ᠠᠮᠧᠷᠢᠺᠠ ᠲᠢᠪ ᠲᠦ᠍ ᠭᠠᠷᠳᠠᠭ᠂ ᠣᠳᠣ ᠪᠦᠬᠦ ᠤᠯᠤᠰ ᠤ᠋ᠨ ᠡᠯ᠎ᠡ ᠭᠠᠵᠠᠷ ᠲᠤ᠌ ᠪᠠᠷᠤᠭ ᠪᠦᠷ ᠲᠠᠷᠢᠵᠤ ᠪᠠᠢᠨ᠎ᠠ᠃

   [ ᠲᠡᠭᠦᠵᠦ ᠪᠣᠯᠪᠠᠰᠤᠷᠠᠭᠤᠯᠬᠤ] ᠨᠠᠮᠤᠷ ᠤ᠋ᠨ ᠰᠡᠭᠦᠯᠴᠢ ᠪᠡᠷ ᠵᠢᠮᠢᠰ ᠨᠢ ᠪᠣᠯᠪᠠᠰᠤᠷᠠᠭᠠᠳ ᠬᠠᠭᠠᠷᠠᠬᠤ ᠠ᠋ᠴᠠ ᠨᠢ ᠡᠮᠦᠨ᠎ᠡ ᠬᠠᠳᠤᠵᠤ ᠠᠪᠤᠭᠠᠳ᠂ ᠬᠠᠲᠠᠭᠠᠭᠰᠠᠨ ᠤ᠋ ᠰᠡᠭᠦᠯᠡᠷ ᠦᠷ᠎ᠡ ᠶ᠋ᠢ ᠨᠢ ᠭᠦᠪᠢᠵᠦ ᠠᠪᠤᠨ᠎ᠠ᠃

   [ ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠰᠡᠷᠢᠭᠦᠨ ᠴᠢᠨᠠᠷ ᠲᠠᠢ᠂ ᠪᠠᠭ᠎ᠠ ᠬᠣᠣᠷ ᠲᠠᠢ᠃

   [ ᠴᠢᠳᠠᠯ ᠪᠠ ᠭᠣᠣᠯᠳᠠᠭᠤ ᠵᠠᠰᠠᠬᠤ] ᠳᠣᠭᠣᠯᠭᠠᠬᠤ᠂ ᠬᠣᠷᠣᠬᠠᠢ ᠬᠥᠭᠡᠭᠡᠬᠦ ᠴᠢᠳᠠᠯ ᠲᠠᠢ᠃ ᠰᠢᠷ᠎ᠠ ᠡᠪᠡᠳᠴᠢᠨ᠂ ᠨᠢᠶᠠᠨ ᠬᠠᠳᠬᠤᠯᠭ᠎ᠠ᠂ ᠰᠠᠬᠤᠤ ᠪᠣᠭᠣᠮ᠎ᠠ᠂ ᠳᠡᠯᠭᠡᠷᠡᠭᠰᠡᠨ ᠬᠠᠯᠠᠭᠤᠨ᠂ ᠬᠢᠵᠢᠭ ᠬᠢᠮᠤᠷᠠᠭᠰᠠᠨ᠂ ᠬᠣᠣᠷ ᠤ᠋ᠨ ᠬᠠᠯᠠᠭᠤᠨ᠂ ᠰᠠᠪᠠ ᠶ᠋ᠢᠨ ᠬᠠᠯᠠᠭᠤᠨ᠂ ᠬᠠᠪᠤᠩ ᠡᠪᠡᠳᠴᠢᠨ᠂ ᠰᠢᠷ᠎ᠠ ᠤᠰᠤᠨ ᠡᠪᠡᠳᠴᠢᠨ᠂ ᠤᠶᠠᠮᠠᠨ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

 

   ᠬᠢᠲᠠᠳ ᠨᠡᠷ᠎ᠡ᠄牛子()

   ᠠᠩᠭ᠌ᠯᠢ ᠨᠡᠷ᠎ᠡ᠄Pharbitis nil (L.) Chousy [ Ph. purpurea (L.) Veigt ]

 

   ᠦᠰᠦᠭ ᠠᠮᠢᠯᠠᠭᠤᠯᠤᠭᠴᠢ᠄ ᠤᠷᠠᠨᠴᠢᠮᠡᠭ

   ᠬᠢᠨᠠᠭᠴᠢ᠄ ᠲᠤᠤᠬᠤᠸᠠᠷ᠂ ᠣᠶᠤᠨᠴᠢᠮᠡᠭ