1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠶ᠋ᠢ ᠪᠡᠨ ᠪᠢ ᠵᠡᠭᠦᠳᠦᠯᠡᠳᠡᠭ-ᠬᠡᠷᠡᠢᠳ ᠮᠥᠩᠬᠡᠨᠠᠰᠤᠨЭэжийгээ би зүүдэлдэг-Хэрэйд Мөнхнасан

ᠡᠵᠢ ᠶ᠋ᠢ ᠪᠡᠨ ᠪᠢ ᠵᠡᠭᠦᠳᠦᠯᠡᠳᠡᠭ-ᠬᠡᠷᠡᠢᠳ ᠮᠥᠩᠬᠡᠨᠠᠰᠤᠨЭэжийгээ би зүүдэлдэг-Хэрэйд Мөнхнасан

2025-04-13

834

ᠡᠵᠢ ᠶ᠋ᠢ ᠪᠡᠨ ᠪᠢ ᠵᠡᠭᠦᠳᠦᠯᠡᠳᠡᠭ

     ᠵᠣᠬᠢᠶᠠᠭᠴᠢ᠄ ᠬᠡᠷᠡᠢᠳ · ᠮᠥᠩᠬᠡᠨᠠᠰᠤᠨ 
     ᠤᠶᠠᠩᠭᠠᠯᠠᠭᠴᠢ᠄  ᠰᠣᠯᠤᠩᠭ᠎ᠠ 

ᠡᠵᠢ ᠶ᠋ᠢ ᠪᠡᠨ ᠪᠢ ᠵᠡᠭᠦᠳᠦᠯᠡᠳᠡᠭ  
ᠡᠮᠵᠢᠶᠡᠷᠢ ᠭᠣᠶᠣᠯ ᠲᠠᠢ ᠳᠡᠪᠡᠯ  ᠳ᠋ᠦ᠍ ᠮᠢᠨᠢ 
ᠰᠢᠯᠪᠢ ᠬᠠᠲᠠᠵᠤ ᠪᠠᠢᠨ᠎ᠠ ᠭᠡᠵᠦ ᠵᠡᠭᠦᠳᠦᠯᠡᠳᠡᠭ  
ᠡᠭᠡᠵᠡᠭᠡᠢ ᠰᠢᠬᠠᠳᠠᠭ ᠭᠠᠷ ᠢ᠋ᠶ᠋ᠠᠷ ᠨᠢ 

ᠢᠯᠪᠢᠭᠦᠯᠵᠦ ᠪᠠᠢᠨ᠎ᠠ ᠭᠡᠵᠦ ᠵᠡᠭᠦᠳᠦᠯᠡᠳᠡᠭ  
ᠰᠤᠷᠭᠠᠭᠤᠯᠢ ᠠ᠋ᠴᠠ ᠪᠤᠴᠠᠬᠤᠢ ᠨᠠᠮ᠎ᠠ ᠪᠠᠨ  
ᠰᠠᠷᠠᠪᠴᠢᠯᠠᠵᠤ ᠪᠠᠢᠨ᠎ᠠ ᠭᠡᠵᠦ ᠵᠡᠭᠦᠳᠦᠯᠡᠳᠡᠭ 
ᠰᠤᠮᠤᠨ ᠠ᠋ᠴᠠ ᠭᠡᠷ ᠬᠦᠷᠬᠦ ᠵᠥᠷᠢᠭ ᠢ᠋ᠶ᠋ᠡᠷ 

ᠬᠠᠮᠲᠤ ᠳ᠋ᠤ᠌ ᠪᠠᠨ ᠶᠠᠪᠤᠨ᠎ᠠ ᠭᠡᠵᠦ ᠵᠡᠭᠦᠳᠦᠯᠡᠳᠡᠭ 
ᠡᠵᠢ ᠶ᠋ᠢ ᠪᠡᠨ ᠪᠢ ᠵᠡᠭᠦᠳᠦᠯᠡᠳᠡᠭ ᠠ᠋
ᠰᠠᠷᠠ ᠲᠠᠢ ᠭᠡᠭᠡ ᠶ᠋ᠢ ᠡᠨᠳᠡᠭᠦᠷᠡᠭᠡᠳ 
ᠰᠠᠢᠬᠠᠨ ᠲᠠᠨ ᠢ᠋ ᠪᠡᠨ ᠢᠷᠡᠯ᠎ᠡ ᠭᠡᠵᠦ ᠵᠡᠭᠦᠳᠦᠯᠡᠳᠡᠭ 

ᠰᠠᠷᠠ ᠦᠭᠡᠢ ᠲᠦᠨᠡᠷ ᠢ᠋ᠶ᠋ᠡᠷ ᠭᠠᠭᠴᠠᠭᠠᠷᠳᠠᠭᠠᠳ 
ᠰᠠᠨᠠᠨ ᠰᠠᠨᠠᠨ ᠢᠷᠡᠭᠡᠴᠢ ᠭᠡᠵᠦ ᠵᠡᠭᠦᠳᠦᠯᠡᠳᠡᠭ 
ᠠᠨᠢᠪᠴᠢᠬᠤ ᠣᠳᠣᠳ ᠢ᠋ 
ᠠᠭᠠᠷ ᠲᠡᠭᠷᠢ ᠳ᠋ᠦ᠍ ᠨᠢ ᠡᠷᠬᠡᠯᠡᠭᠦᠯᠦᠨ ᠪᠠᠢᠵᠤ ᠵᠡᠭᠦᠳᠦᠯᠡᠳᠡᠭ 

ᠠᠶᠠᠨ ᠤ᠋ ᠰᠢᠪᠠᠭᠤᠳ ᠢ᠋ 
ᠠᠯᠥᠰᠷᠠᠨ  ᠵᠢᠵᠢᠭᠷᠡᠲᠡᠯ᠎ᠡ ᠡᠤᠶᠠᠷᠠᠨ ᠪᠠᠢᠵᠤ ᠵᠡᠭᠦᠳᠦᠯᠡᠳᠡᠭ 
ᠡᠵᠢ ᠶ᠋ᠢ ᠪᠡᠨ ᠪᠢ ᠵᠡᠭᠦᠳᠦᠯᠡᠳᠡᠭ ᠠ᠋
ᠬᠣᠯᠠ ᠠ᠋ᠴᠠ ᠢᠷᠡᠯ᠎ᠡ ᠥᠬᠢᠨ ᠮᠢᠨᠢ ᠭᠡᠵᠦ 

ᠲᠤᠯᠭᠠᠨ ᠳ᠋ᠤ᠌ ᠪᠠᠨ ᠠᠷᠭᠠᠯ ᠨᠡᠮᠡᠬᠦ ᠶᠦ᠍ᠮ
ᠠᠬᠢᠭᠠᠳ ᠪᠤᠤ ᠶᠠᠪᠤᠭᠠᠷᠠᠢ ᠭᠡᠵᠦ 
ᠠᠯᠠᠭ ᠨᠢᠳᠦ ᠨᠢ ᠰᠢᠪᠡᠨᠡᠬᠦ ᠶᠦ᠍ᠮ 
ᠶᠡᠬᠡ ᠪᠡᠷᠬᠡ ᠡᠴᠡ ᠨᠡᠭᠦᠵᠦ ᠬᠠᠷᠠᠭᠳᠠᠨ᠎ᠠ  

ᠡᠩᠭᠡᠷ ᠦ᠋ᠨ ᠬᠢᠨᠢ ᠲᠣᠪᠴᠢ ᠮᠥᠯᠲᠥᠷᠡᠵᠦ ᠦᠵᠡᠭᠳᠡᠨ᠎ᠡ 
ᠡᠵᠢ ᠠ᠋᠂ ᠪᠢ ᠲᠠᠨ ᠢ᠋ ᠪᠡᠨ ᠵᠡᠭᠦᠳᠦᠯᠡᠵᠦ ᠪᠠᠢᠨ᠎ᠠ 
ᠦᠷ ᠰᠤᠪᠤᠷᠠᠬᠤ ᠶ᠋ᠢᠨ ᠵᠡᠷᠭᠡᠳᠡ
ᠥᠮᠥᠯᠵᠡᠵᠦ ᠪᠢ  ᠰᠡᠷᠡᠬᠦ ᠶᠦ᠍ᠮ 

ᠥᠷᠯᠥᠭ ᠪᠤᠭᠤᠷᠤᠯ ᠡᠵᠢ ᠶ᠋ᠢ ᠪᠡᠨ 
ᠥᠩᠭᠡᠷᠡᠦ ᠰᠦᠷᠡᠬᠡᠢ ᠰᠠᠨᠠᠬᠤ ᠶᠤᠮ 
ᠦᠨᠡᠭᠡᠨ ᠬᠠᠷᠠᠩᠭᠤᠢ ᠠ᠋ᠴᠠ 
ᠦᠨᠢᠶᠡᠨ ᠵᠡᠯ᠎ᠡ ᠬᠦᠷᠲᠡᠯ᠎ᠡ 

ᠡᠵᠢ ᠶ᠋ᠢᠨ ᠮᠢᠨᠢ ᠮᠥᠷ ᠠᠯᠠᠭ᠎ᠠ ᠪᠠᠢᠨ᠎ᠠ 
ᠦᠨᠡᠨ ᠦ᠌ ᠲᠡᠭᠷᠢ ᠡᠴᠡ 
ᠦᠰᠦᠨ  ᠪᠤᠭᠤᠷᠤᠯ ᠪᠣᠯᠲᠠᠯ᠎ᠠ 
ᠡᠵᠢ ᠶ᠋ᠢᠨ ᠮᠢᠨᠢ ᠪᠠᠷ᠎ᠠ ᠣᠢᠷᠠᠬᠠᠨ ᠪᠠᠢᠨ᠎ᠠ 

ᠪᠤᠷᠤᠭᠤ ᠴᠤ᠌ ᠪᠣᠯᠤᠭ 
ᠡᠵᠢ ᠮᠢᠨᠢ ᠨᠠᠮ᠎ᠠ ᠪᠠᠨ ᠵᠥᠪᠳᠥᠭᠡᠨ ᠪᠠᠢᠵᠤ ᠰᠠᠨᠠᠳᠠᠭ 
ᠪᠤᠷᠬᠠᠨ ᠪᠣᠯᠤᠭᠰᠠᠨ ᠴᠤ᠌ ᠶᠠᠭᠠᠬᠢᠬᠤᠪ 
ᠡᠵᠢ ᠶ᠋ᠢ ᠪᠡᠨ ᠪᠢ ᠠᠮᠢᠯᠠᠭᠤᠯᠤᠨ ᠪᠠᠢᠵᠤ ᠵᠡᠭᠦᠳᠦᠯᠡᠳᠡᠭ ᠠ᠋ 
ᠡᠵᠢ ᠠ᠋ ᠪᠢ ᠲᠠᠨ ᠢ᠋ ᠪᠡᠨ ᠵᠡᠭᠦᠳᠦᠯᠡᠵᠦ ᠪᠠᠢᠨ᠎ᠠ 
ᠡᠩᠭᠡᠷ ᠲᠦ  ᠴᠢᠨᠢ ᠨᠢᠯᠬᠠᠷᠠᠨ᠎ᠠ ᠭᠡᠮᠡᠨ ᠵᠡᠭᠦᠳᠦᠯᠡᠵᠦ  ᠪᠠᠢᠨ᠎ᠠ

   ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠣᠨ
   ᠥᠰᠥᠭ ᠬᠠᠲᠠᠭᠴᠢ᠄  ᠦᠯᠵᠡᠢᠪᠠᠭᠠᠲᠤᠷ
   ᠬᠢᠨᠠᠭᠴᠢ᠄ ᠣᠳᠬᠠᠨᠰᠣ᠎ᠠ