ᠲᠠᠪᠤᠨ ᠬᠣᠰᠢᠭᠤ ᠮᠠᠯ -ᠬᠣᠯᠪᠣᠭ᠎ᠠ - ᠴᠣᠢᠵᠢᠺᠠᠸᠠТаван хошуу мал-Холбоо-Чойжикаваа ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠪᠤᠨ ᠬᠣᠰᠢᠭᠤ ᠮᠠᠯ -ᠬᠣᠯᠪᠣᠭ᠎ᠠ - ᠴᠣᠢᠵᠢᠺᠠᠸᠠТаван хошуу мал-Холбоо-Чойжикаваа

ᠲᠠᠪᠤᠨ ᠬᠣᠰᠢᠭᠤ ᠮᠠᠯ -ᠬᠣᠯᠪᠣᠭ᠎ᠠ - ᠴᠣᠢᠵᠢᠺᠠᠸᠠТаван хошуу мал-Холбоо-Чойжикаваа

2025-04-13

1899

ᠲᠠᠪᠤᠨ ᠬᠣᠰᠢᠭᠤ ᠮᠠᠯ -ᠬᠣᠯᠪᠣᠭ᠎ᠠ 

    ᠵᠣᠬᠢᠶᠠᠭᠴᠢ᠄ ᠴᠣᠢᠵᠢᠺᠸᠡ 

ᠲᠠᠯ᠎ᠠ ᠶ᠋ᠢᠨ ᠮᠠᠯᠴᠢᠨ ᠮᠣᠩᠭᠣᠯᠴᠤᠳ 
ᠳᠠᠶᠠᠭᠠᠷ ᠪᠠᠶᠠᠨ ᠲᠡᠦᠬᠡ ᠲᠡᠢ 
ᠲᠠᠪᠤᠨ ᠬᠣᠰᠢᠭᠤ ᠮᠠᠯ ᠢ᠋ ᠪᠡᠨ 
ᠲᠠᠩᠰᠤᠭ ᠥᠰᠬᠡᠭᠰᠡᠨ ᠠᠮᠢᠳᠤᠷᠠᠯ ᠲᠠᠢ᠃ 

ᠪᠠᠭᠠᠲᠤᠷ ᠮᠠᠯᠴᠢᠨ ᠮᠣᠩᠭᠣᠯᠴᠤᠳ  
ᠪᠠᠶᠠᠨ ᠮᠣᠩᠭᠣᠯ ᠳᠠᠭᠤᠯᠠᠯ ᠲᠠᠢ 
ᠪᠠᠶᠠᠯᠢᠭ ᠮᠠᠯ ᠰᠥᠷᠦᠭ ᠢ᠋ ᠪᠡᠨ 
ᠪᠢᠯᠬᠠᠵᠤ ᠥᠰᠬᠡᠭᠰᠡᠨ ᠤᠯᠠᠮᠵᠢᠯᠠᠯ ᠲᠠᠢ᠃

ᠠᠳᠤᠭᠤ ᠲᠡᠮᠡᠭᠡ ᠦᠬᠡᠷ ᠬᠣᠨᠢ
ᠠᠩᠬᠠᠨ ᠠ᠋ᠴᠠ ᠪᠠᠨ ᠮᠣᠩᠭᠣᠯ ᠤ᠋ᠨ ᠲᠡᠵᠢᠭᠡᠯ
ᠠᠩᠭᠢᠷ ᠴᠠᠭᠠᠨ ᠢᠮᠠᠭ᠎ᠠ ᠲᠠᠢ
ᠠᠢᠮᠠᠭ ᠨᠡᠢᠯᠡᠭᠡᠳ ᠲᠠᠪᠤᠨ ᠬᠣᠰᠢᠭᠤ᠃

ᠨᠡᠭᠦᠳᠡᠯᠴᠢᠨ ᠢᠵᠠᠭᠤᠷᠲᠠᠨ ᠮᠣᠩᠭᠣᠯᠴᠤᠳ
ᠨᠡᠢᠲᠡ ᠪᠡᠷ ᠮᠠᠯ ᠳ᠋ᠤ᠌ ᠪᠠᠨ ᠬᠠᠢᠷᠠᠲᠠᠢ
ᠨᠢᠭᠡᠨ ᠵᠠᠭᠤ ᠪᠣᠯᠭᠠᠭᠠᠳ
ᠨᠡᠯᠦᠭᠡᠷ ᠥᠰᠬᠡᠭᠰᠡᠨ ᠠᠷᠠᠴᠢᠯᠠᠯ ᠲᠠᠢ᠃

ᠲᠡᠦᠬᠡᠲᠦ ᠣᠯᠠᠨ ᠮᠣᠩᠭᠣᠯᠴᠤᠳ
ᠲᠥᠷᠥᠯᠬᠢ ᠮᠠᠯ ᠳ᠋ᠤ᠌ ᠪᠠᠨ ᠬᠠᠢᠷᠠᠲᠠᠢ
ᠲᠦᠮᠡᠨ ᠦ᠌ ᠡᠬᠡ ᠨᠢᠭᠡ ᠶᠦᠮ ᠭᠡᠳ
ᠲᠥᠯᠵᠢᠭᠦᠯᠵᠦ ᠬᠠᠢᠷᠠᠯᠠᠳᠠᠭ ᠵᠠᠩᠰᠢᠯ ᠲᠠᠢ᠃

ᠲᠠᠪᠤᠨ ᠬᠣᠰᠢᠭᠤ ᠮᠠᠯ ᠭᠡᠳ
ᠳᠠᠶᠠᠭᠠᠷ ᠮᠣᠩᠭᠣᠯ ᠳ᠋ᠤ᠌ ᠠᠰᠢᠭ ᠲᠠᠢ᠂
ᠲᠠᠩᠰᠤᠭ ᠪᠠᠶᠠᠨ ᠠᠮᠢᠳᠤᠷᠠᠯ ᠰᠠᠨ
ᠲᠠᠷ ᠢ᠋ᠶ᠋ᠠᠨ ᠥᠭᠭᠦᠭᠰᠡᠨ ᠠᠴᠢᠯᠠᠯ ᠲᠠᠢ᠃

ᠠᠵᠢᠷᠭ᠎ᠠ ᠣᠷᠣᠭ᠎ᠠ ᠪᠠᠷ ᠰᠦᠷᠦᠭᠯᠡᠭᠰᠡᠨ
ᠠᠳᠤᠭᠤᠨ ᠰᠥᠷᠦᠭ ᠨᠢ ᠣᠯᠠᠨ ᠪᠠᠢᠨ᠎ᠠ
ᠠᠯᠳᠠᠷᠲᠤ ᠮᠣᠩᠭᠣᠯ ᠦᠨᠳᠦᠰᠦᠲᠡᠨ ᠳ᠋ᠦ᠍
ᠠᠴᠢ ᠪᠠᠨ ᠥᠭᠭᠦᠭᠰᠡᠨ ᠮᠠᠯ ᠶᠤᠮ᠃

ᠠᠪᠠᠭ᠎ᠠ ᠪᠠᠭᠠᠲᠤᠷ ᠤ᠋ᠨ ᠬᠥᠯᠦᠭ ᠮᠣᠷᠢ
ᠠᠳᠤᠭᠤᠨ ᠰᠥᠷᠦᠭ ᠡᠴᠡ ᠭᠠᠷᠳᠠᠭ ᠶᠤᠮ᠂
ᠠᠷᠠᠳ ᠣᠯᠠᠨ ᠤ᠋ ᠣᠨᠴᠠ ᠬᠦᠴᠦ
ᠠᠯᠢ ᠨᠢ ᠴᠦ᠍ ᠪᠦᠷ ᠠᠳᠤᠭᠤᠨ ᠠ᠋ᠴᠠ ᠶᠤᠮ᠃

ᠠᠶᠠᠨ ᠲᠡᠢᠨ ᠢ᠋ ᠬᠢᠬᠦ ᠦᠶᠡᠰ
ᠠᠳᠤᠭᠤᠨ ᠠ᠋ᠴᠠ ᠮᠣᠷᠢ ᠪᠠᠨ ᠰᠢᠯᠭᠠᠳᠠᠭ ᠶᠤᠮ᠃
ᠠᠲᠠᠭᠠᠲᠠᠨ ᠳᠠᠢᠰᠤᠨ ᠨᠢᠷᠭᠡᠬᠦ ᠳ᠋ᠦ᠍ ᠨᠢ
ᠠᠵᠢᠨᠠᠢ ᠬᠥᠯᠦᠭ ᠢ᠋ᠶ᠋ᠡᠷ ᠢ᠋ᠶ᠋ᠡᠨ ᠳᠠᠭᠠᠷᠢᠳᠠᠭ ᠶᠤᠮ᠃

ᠠᠪᠠ ᠬᠣᠮᠣᠷᠭᠠᠨ ᠳ᠋ᠤ᠌ ᠨᠠᠮᠨᠠᠬᠤ ᠳ᠋ᠤ᠌ ᠪᠠᠨ
ᠠᠭᠲᠠ ᠶ᠋ᠢᠨ ᠰᠠᠢᠨ ᠢ᠋ᠶ᠋ᠠᠷ ᠠᠩᠨᠠᠳᠠᠭ ᠶᠤᠮ᠃
ᠠᠯᠲᠠᠨ ᠲᠥᠷᠥ ᠶ᠋ᠢᠨ ᠨᠠᠭᠠᠳᠤᠮ ᠳ᠋ᠤ᠌ ᠪᠠᠨ
ᠠᠯᠳᠠᠷ ᠢ᠋ ᠨᠢ ᠣᠯᠬᠤ ᠪᠠᠷ ᠣᠷᠣᠯᠳᠣᠳᠠᠭ ᠶᠤᠮ᠃

ᠲᠠᠪᠤᠨ ᠬᠣᠰᠢᠭᠤ ᠮᠠᠯ ᠳ᠋ᠤ᠌ ᠪᠠᠨ
ᠠᠳᠤᠭᠤ ᠪᠣᠯᠭᠠᠨ ᠬᠡᠷᠡᠭᠴᠡᠭᠡ ᠶᠡᠬᠡ᠂
ᠲᠠᠩᠬᠢᠯ ᠢᠳᠡᠷᠬᠡᠭ ᠮᠣᠩᠭᠣᠯᠴᠤᠳ  ᠲᠤ᠌ ᠪᠠᠨ
ᠮᠣᠷᠢ ᠪᠣᠯᠪᠠᠯ ᠡᠳ᠋ᠯᠡᠭᠡ ᠶᠡᠬᠡ᠃

ᠬᠤᠵᠢᠷᠲᠤ ᠭᠣᠪᠢ ᠪᠠᠷ ᠪᠡᠯᠴᠢᠭᠡᠷ ᠲᠡᠢ
ᠬᠤᠸᠠ ᠬᠦᠷᠡᠩ ᠲᠡᠮᠡᠭᠡᠳ ᠪᠣᠢ᠂
ᠬᠣᠪᠣᠷ ᠴᠤᠬᠠᠭ ᠦᠷᠡᠵᠢᠯ ᠲᠡᠢ
ᠬᠤᠨ ᠴᠠᠭᠠᠨ ᠲᠡᠮᠡᠭᠡᠳ ᠴᠦ᠍ ᠪᠣᠢ᠃

ᠡᠯᠡᠰᠦᠨ ᠴᠦᠯ ᠦ᠋ᠨ ᠣᠩᠭᠣᠴᠠ ᠭᠡᠵᠦ
ᠡᠳ᠋ᠯᠡᠭᠡ ᠶᠡᠬᠡ ᠳ᠋ᠦ᠍ ᠨᠢ ᠨᠡᠷᠡᠯᠡᠵᠡᠢ᠂
ᠡᠷᠳᠡᠨᠢ ᠶ᠋ᠢᠨ ᠠᠯᠲᠠᠨ ᠲᠡᠮᠡᠭᠡ ᠶ᠋ᠢ
ᠡᠷᠬᠢᠮ ᠮᠣᠩᠭᠣᠯᠴᠤᠳ ᠡᠷᠬᠢᠮᠯᠡᠵᠡᠢ᠃

ᠭᠠᠵᠠᠷ ᠤ᠋ᠨ ᠯᠤᠤ ᠶ᠋ᠢᠨ ᠰᠥᠷᠦᠭ ᠭᠡᠵᠦ
ᠭᠠᠢᠬᠠᠮᠰᠢᠭᠲᠤ ᠰᠦᠷᠯᠢᠭ ᠳᠦᠷᠰᠦᠯᠡᠵᠡᠢ
ᠭᠠᠩ ᠭᠠᠴᠢᠭ ᠲᠤ᠌ ᠲᠡᠰᠪᠦᠷᠢᠲᠡᠢ ᠭᠡᠵᠦ
ᠭᠠᠷᠮᠠᠭᠠᠢ ᠮᠣᠩᠭᠣᠯᠴᠤᠳ ᠡᠳ᠋ᠯᠡᠵᠦ ᠢᠷᠡᠵᠡᠢ᠃

ᠲᠠᠪᠤᠨ ᠬᠣᠰᠢᠭᠤ ᠮᠠᠯ ᠳ᠋ᠤ᠌ ᠪᠠᠨ
ᠲᠡᠩᠬᠡᠬᠡᠷ ᠲᠡᠮᠡᠭᠡ ᠭᠠᠢᠬᠠᠯᠲᠠᠢ
ᠲᠠᠯ᠎ᠠ ᠭᠣᠪᠢ ᠡᠯᠡᠰᠦ ᠮᠠᠩᠬᠠᠨ ᠳ᠋ᠤ᠌ ᠪᠠᠨ
ᠲᠠᠪᠠᠲᠠᠢ ᠦᠷᠡᠵᠢᠬᠦ ᠵᠣᠬᠢᠴᠠᠯ ᠲᠠᠢ᠃

ᠬᠥᠬᠡ ᠮᠣᠩᠭᠣᠯ ᠮᠠᠨᠳᠤᠭᠰᠠᠨ ᠠ᠋ᠴᠠ
ᠬᠦᠴᠦ ᠪᠡᠨ ᠥᠭᠭᠦᠭᠰᠡᠨ ᠵᠢᠳᠬᠦᠯ ᠲᠡᠢ᠂
ᠬᠥᠳᠡᠯᠮᠦᠷᠢ ᠮᠠᠯᠴᠢᠨ ᠮᠣᠩᠭᠣᠯᠴᠤᠳ
ᠬᠥᠭᠵᠢᠭᠦᠯᠵᠦ ᠢᠷᠡᠭᠰᠡᠨ ᠤᠯᠠᠮᠵᠢᠯᠠᠯ ᠲᠠᠢ᠃

ᠠᠶᠠᠨ ᠵᠢᠩ ᠳ᠋ᠦ᠍ ᠶᠠᠪᠤᠬᠤ ᠦᠶ᠎ᠡ ᠳ᠋ᠦ᠍
ᠠᠯᠤᠰ ᠬᠣᠯᠠ ᠶ᠋ᠢᠨ ᠳᠠᠭᠠᠭᠠᠴᠠ ᠲᠠᠢ ᠶᠤᠮ᠂
ᠠᠴᠢᠶ᠎ᠠ ᠲᠡᠮᠡᠭᠡ ᠬᠣᠮᠨᠣᠬᠤ ᠦᠶ᠎ᠡ ᠳ᠋ᠦ᠍
ᠠᠷᠪᠠᠨ ᠶᠡᠬᠡ ᠭᠦᠨᠳᠡᠰᠢ ᠲᠡᠢ ᠶᠤᠮ᠃

ᠠᠰᠢᠭ ᠰᠢᠮ᠎ᠡ ᠶ᠋ᠢᠨ ᠪᠦᠷᠢᠯᠳᠦᠬᠦᠨ
ᠠᠷᠠᠰᠤ ᠨᠣᠣᠰᠣ ᠪᠠᠷ ᠡᠯᠪᠡᠭ ᠶᠤᠮ᠂
ᠠᠮᠲᠠᠲᠤ ᠢᠳᠡᠭᠡᠨ ᠦ᠌ ᠳᠡᠭᠡᠵᠢ
ᠠᠢᠷᠠᠭ ᠰᠦ ᠪᠡᠷ ᠶᠡᠬᠡ  ᠶᠤᠮ᠃

ᠲᠥᠷᠥ ᠶ᠋ᠢᠨ ᠶᠡᠬᠡ ᠱᠠᠩᠨᠠᠯ ᠤ᠋ᠨ
ᠲᠡᠷᠢᠭᠦᠨ ᠳ᠋ᠦ᠍ ᠲᠡᠮᠡᠭᠡ ᠣᠷᠣᠭᠰᠠᠭᠠᠷ
ᠲᠦᠷᠦᠭᠦᠴᠢ ᠮᠥᠩᠭᠥᠨ ᠪᠤᠢᠯᠠ ᠲᠠᠢ
ᠲᠦᠮᠡᠨ ᠦ᠌ ᠲᠡᠷᠢᠭᠦᠨ ᠳ᠋ᠦ᠍ ᠱᠠᠩᠨᠠᠭᠰᠠᠭᠠᠷ

ᠠᠷᠠᠳ ᠣᠯᠠᠨ ᠪᠦᠬᠦᠨ ᠳ᠋ᠦ᠍ ᠪᠡᠨ
ᠠᠴᠢ ᠲᠤᠰᠠ ᠪᠠᠨ ᠥᠭᠭᠦᠭᠰᠡᠭᠡᠷ
ᠠᠵᠤ ᠦᠢᠯᠡᠳᠪᠦᠷᠢ ᠶ᠋ᠢᠨ ᠬᠡᠷᠡᠭᠴᠡᠭᠡ ᠳ᠋ᠦ᠍
ᠠᠰᠢᠭ ᠰᠢᠮ᠎ᠡ ᠪᠡᠨ ᠬᠠᠩᠭᠠᠭᠰᠠᠭᠠᠷ

ᠬᠣᠯᠠ ᠣᠢᠷ᠎ᠠ ᠶ᠋ᠢᠨ ᠠᠶᠠᠯᠠᠯ ᠳ᠋ᠤ᠌
ᠬᠣᠯᠪᠣᠭ᠎ᠠ ᠴᠤᠪᠤᠭ᠎ᠠ ᠬᠦᠪᠦᠷᠡᠭᠰᠡᠭᠡᠷ
ᠬᠤᠳᠠᠯᠳᠤᠭ᠎ᠠ ᠰᠣᠶᠣᠯ ᠤ᠋ᠨ ᠠᠴᠢᠶ᠎ᠠ ᠳ᠋ᠤ᠌
ᠬᠤᠪᠢ ᠨᠡᠮᠡᠷᠢ ᠦᠵᠡᠭᠦᠯᠦᠭᠰᠡᠭᠡᠷ

ᠤᠯᠤᠰ ᠤ᠋ᠨ ᠨᠠᠢᠷ ᠨᠠᠭᠠᠳᠤᠮ ᠳ᠋ᠤ᠌
ᠣᠷᠣᠯᠳᠣᠬᠤ ᠤᠯᠠᠮᠵᠢᠯᠠᠯ ᠢ᠋ᠶ᠋ᠠᠨ ᠰᠡᠷᠭᠦᠭᠡᠵᠦ ᠪᠠᠢᠨ᠎ᠠ
ᠤᠳᠤᠮᠰᠢᠯᠲᠤ ᠠᠷᠠᠳ ᠣᠯᠠᠨ ᠳ᠋ᠤ᠌ ᠪᠠᠨ
ᠤᠯᠠᠮ ᠬᠠᠢᠷ᠎ᠠ ᠶ᠋ᠢ ᠲᠠᠲᠠᠭᠠᠳ ᠪᠠᠢᠨ᠎ᠠ

ᠦᠷᠡᠵᠢᠬᠦ ᠮᠠᠯ ᠰᠥᠷᠦᠭ ᠲᠦ᠍ ᠪᠡᠨ
ᠥᠩᠭᠡ ᠵᠢᠪᠬᠤᠯᠠᠩ ᠨᠢ ᠲᠣᠳᠣᠷᠠᠭᠠᠳ ᠪᠠᠢᠨ᠎ᠠ
ᠥᠨᠢᠷ ᠮᠣᠩᠭᠣᠯ ᠡᠵᠡᠳ ᠦ᠋ᠨ ᠢ᠋ᠶ᠋ᠡᠨ
ᠣᠮᠣᠭᠰᠢᠯ ᠪᠣᠯᠤᠭᠠᠳ ᠬᠠᠢᠷᠠᠯᠠᠭᠳᠠᠵᠤ ᠪᠠᠢᠨ᠎ᠠ᠃

ᠲᠠᠪᠤᠨ ᠬᠣᠰᠢᠭᠤ ᠮᠠᠯ ᠳ᠋ᠤ᠌ ᠪᠠᠨ
ᠦᠬᠡᠷ ᠮᠥᠨ ᠴᠦ᠍ ᠭᠠᠢᠬᠠᠯᠲᠠᠢ
ᠲᠠᠷᠭᠤᠨ ᠪᠠᠶᠠᠨ ᠮᠣᠩᠭᠣᠯᠴᠤᠳ ᠲᠤ᠌ ᠪᠠᠨ
ᠲᠤᠰᠠ ᠠᠰᠢᠭ ᠢ᠋ᠶ᠋ᠠᠷ ᠣᠯᠠᠨ ᠲᠠᠢ

ᠮᠣᠩᠭᠣᠯ ᠠᠷᠠᠳ ᠤ᠋ᠨ ᠲᠡᠦᠬᠡᠨ ᠳ᠋ᠦ᠍
ᠦᠬᠡᠷ ᠦ᠋ᠨ ᠬᠡᠷᠡᠭᠴᠡᠭᠡ ᠪᠠᠭ᠎ᠠ ᠦᠭᠡᠢ
ᠮᠤᠨᠳᠠᠭ ᠬᠥᠮᠦᠨ ᠦ᠌ ᠬᠡᠷᠡᠭᠯᠡᠭᠡᠨ ᠳ᠋ᠦ᠍
ᠱᠠᠷ ᠤ᠋ᠨ ᠴᠢᠳᠠᠯ ᠮᠣᠬᠣᠭ᠎ᠠ ᠴᠤ᠌ ᠦᠭᠡᠢ

ᠭᠡᠷ ᠦ᠋ᠨ ᠠᠴᠢᠶᠠᠨ ᠳ᠋ᠤ᠌ ᠪᠠᠨ
ᠮᠣᠩᠭᠣᠯᠴᠤᠳ ᠦᠬᠡᠷ ᠢ᠋ᠶ᠋ᠡᠨ ᠬᠥᠯᠯᠡᠳᠡᠭ
ᠭᠦᠢᠴᠡᠳᠬᠡᠬᠦ ᠲᠡᠭᠡᠭᠡᠪᠦᠷᠢ ᠵᠥᠭᠡᠭᠡᠪᠦᠷᠢ ᠳ᠋ᠦ᠍ ᠪᠡᠨ
ᠭᠡᠳᠡᠭᠡᠷ ᠱᠠᠷ ᠢ᠋ᠶ᠋ᠠᠨ ᠡᠳ᠋ᠯᠡᠳᠡᠭ

ᠠᠶᠠᠨ ᠤ᠋ ᠬᠦᠨᠳᠦ ᠲᠡᠭᠡᠭᠡᠱᠢ ᠶ᠋ᠢ ᠪᠡᠨ
ᠠᠮᠪᠠᠨ ᠱᠠᠷ ᠢ᠋ᠶ᠋ᠠᠷ ᠢ᠋ᠶ᠋ᠠᠨ ᠵᠢᠳᠬᠦᠭᠦᠯᠳᠡᠭ
ᠠᠮᠤ ᠲᠠᠷᠢᠶ᠎ᠠ ᠶ᠋ᠢᠨ ᠲᠠᠷᠢᠶᠠᠯᠠᠭ᠎ᠠ ᠶ᠋ᠢ
ᠠᠪᠤᠷᠭᠤ ᠱᠠᠷ ᠢ᠋ᠶ᠋ᠠᠷ ᠢ᠋ᠶ᠋ᠠᠨ ᠲᠠᠷᠢᠶᠠᠯᠠᠳᠠᠭ᠃

ᠰᠠᠭᠠᠯᠢ ᠰᠦ ᠢᠳᠡᠭᠡᠨ ᠢ᠋ᠶ᠋ᠡᠷ
ᠰᠡᠲᠡᠷᠡᠵᠦ ᠤᠨᠳᠤᠷᠳᠠᠭ ᠨᠢ ᠦᠨᠢᠶ᠎ᠡ ᠶᠦᠮ
ᠰᠠᠢᠵᠢᠷᠠᠯᠳᠤ ᠮᠣᠩᠭᠣᠯ ᠤ᠋ᠨ ᠢᠳᠡᠭᠡᠨ ᠤᠮᠳᠠᠭᠠᠨ ᠤ᠋
ᠰᠠᠩ ᠤ᠋ᠨ ᠳᠠᠯᠠᠢ ᠨᠢ ᠰᠠᠭᠠᠯᠢ ᠶᠤᠮ᠃

ᠠᠮᠲᠠᠲᠤ ᠰᠢᠮ᠎ᠡ ᠶ᠋ᠢᠨ ᠪᠦᠷᠢᠯᠳᠦᠬᠦᠨ
ᠦᠨᠢᠶ᠎ᠡ ᠶ᠋ᠢᠨ ᠰᠦ ᠡᠴᠡ ᠤᠨᠳᠤᠷᠭ᠎ᠠ ᠲᠠᠢ
ᠠᠯᠳᠠᠷ ᠢᠷᠠᠭᠤ ᠢᠷᠦᠭᠡᠯ ᠵᠥᠩᠨᠡᠯ
ᠠᠢᠷᠠᠭ ᠲᠠᠷᠠᠭ ᠠ᠋ᠴᠠ ᠰᠦᠩᠨᠡᠯ ᠲᠡᠢ

ᠠᠵᠢᠯ ᠲᠥᠷᠥᠯ ᠠᠮᠢᠳᠤᠷᠠᠯ ᠳ᠋ᠤ᠌ ᠮᠢᠨᠢ
ᠠᠴᠢ ᠪᠠᠨ ᠥᠭᠭᠦᠭᠰᠡᠨ ᠨᠢ ᠦᠬᠡᠷ ᠶᠦᠮ
ᠠᠷᠠᠰᠤ ᠮᠢᠬ᠎ᠠ ᠰᠦ ᠰᠠᠭᠠᠯᠢ ᠪᠠᠷ
ᠠᠮᠢᠳᠤᠷᠠᠭᠤᠯᠵᠤ ᠢᠷᠡᠭᠰᠡᠨ ᠨᠢ ᠦᠬᠡᠷ ᠶᠤᠮ᠃

ᠬᠥᠬᠡ ᠮᠣᠩᠭᠣᠯ ᠤ᠋ᠨ ᠠᠮᠢᠳᠤᠷᠠᠯ ᠳ᠋ᠤ᠌ ᠪᠠᠨ
ᠬᠦᠳᠡᠷ ᠦᠬᠡᠷ ᠳᠤᠲᠠᠭᠳᠠᠰᠢ ᠦᠭᠡᠢ
ᠬᠥᠯᠪᠦᠷᠢ ᠠᠯᠢᠪᠠ ᠬᠡᠷᠡᠭᠯᠡᠯᠲᠡ ᠳ᠋ᠦ᠍
ᠬᠦᠴᠦᠲᠦ ᠵᠠᠭᠠᠨ ᠠ᠋ᠴᠠ ᠪᠠᠭᠤᠷᠠᠢ ᠦᠭᠡᠢ᠃

ᠦᠨ᠎ᠡ ᠥᠷᠲᠡᠭ ᠲᠠᠸᠠᠷᠯᠠᠯ ᠳ᠋ᠤ᠌
ᠦᠬᠡᠷ ᠦ᠋ᠨ ᠥᠷᠲᠡᠭ ᠬᠢᠵᠠᠭᠠᠷᠯᠠᠰᠢ ᠦᠭᠡᠢ
ᠦᠢᠯᠡᠳᠪᠦᠷᠢ ᠬᠥᠮᠥᠷᠭᠡ ᠶ᠋ᠢᠨ ᠡᠨᠧᠷᠭᠢ ᠳ᠋ᠦ᠍
ᠦᠬᠡᠷ ᠦ᠋ᠨ ᠴᠢᠳᠠᠯ ᠬᠡᠮᠵᠢᠶᠡᠯᠡᠰᠢ ᠦᠭᠡᠢ᠃

ᠡᠷᠡᠯᠬᠡᠭ ᠣᠯᠠᠨ ᠮᠣᠩᠭᠣᠯᠴᠤᠳ
ᠡᠷᠲᠡᠨ ᠡᠴᠡ ᠦᠬᠡᠷ ᠢ᠋ ᠠᠰᠢᠭᠯᠠᠭᠰᠠᠭᠠᠷ
ᠡᠳᠦᠷ ᠳᠣᠳᠣᠮ ᠤ᠋ᠨ ᠠᠮᠢᠳᠤᠷᠠᠯ ᠳ᠋ᠤ᠌ ᠪᠠᠨ
ᠡᠷᠡᠬᠡᠢ ᠭᠠᠷᠭᠠᠨ ᠬᠡᠷᠡᠭᠯᠡᠭᠰᠡᠭᠡᠷ

ᠡᠷᠢᠨ ᠴᠠᠭ ᠦᠶ᠎ᠡ ᠳ᠋ᠦ᠍ ᠪᠡᠨ ᠴᠦ᠍
ᠡᠭᠦᠯᠳᠡᠷ ᠤᠭᠰᠠᠭ᠎ᠠ ᠶ᠋ᠢ ᠰᠠᠢᠵᠢᠷᠠᠭᠤᠯᠤᠭᠰᠠᠭᠠᠷ
ᠡᠬᠡ ᠣᠷᠣᠨ ᠢ᠋ᠶ᠋ᠠᠨ ᠪᠠᠶᠠᠯᠢᠭᠵᠢᠭᠤᠯᠬᠤ ᠳ᠋ᠤ᠌
ᠦᠢᠯᠡᠳᠦᠯ ᠠᠰᠢᠭ ᠢ᠋ᠶ᠋ᠠᠨ ᠨᠡᠮᠡᠭᠳᠡᠭᠦᠯᠦᠭᠰᠡᠭᠡᠷ

ᠲᠠᠪᠤᠨ ᠬᠣᠰᠢᠭᠤ ᠮᠠᠯ ᠳ᠋ᠤ᠌ ᠪᠠᠨ
ᠲᠠᠪᠠᠭ ᠰᠡᠭᠦᠯ ᠲᠡᠢ ᠬᠣᠨᠢ ᠰᠠᠢᠬᠠᠨ
ᠳᠠᠶᠠᠭᠠᠷ ᠮᠣᠩᠭᠣᠯ ᠮᠠᠯᠴᠢᠳ ᠤ᠋ᠨ
ᠲᠠᠭᠠᠲᠠᠢ ᠲᠡᠵᠢᠭᠡᠪᠦᠷᠢ ᠨᠢ ᠬᠣᠨᠢ ᠶᠤᠮ

ᠡᠪᠦᠭᠡ ᠳᠡᠭᠡᠳᠦ ᠶ᠋ᠢᠨ ᠦᠶ᠎ᠡ ᠡᠴᠡ ᠪᠡᠨ
ᠥᠰᠬᠡᠵᠦ ᠢᠷᠡᠵᠡᠢ ᠮᠣᠩᠭᠣᠯᠴᠤᠳ
ᠥᠷᠭᠡᠨ ᠲᠠᠯ᠎ᠠ ᠪᠠᠨ ᠳᠦᠭᠦᠷᠭᠡᠨ
ᠪᠢᠯᠬᠠᠭᠤᠯᠵᠤ ᠢᠷᠡᠵᠡᠢ ᠮᠣᠩᠭᠣᠯᠴᠤᠳ

ᠠᠪᠤ ᠳᠡᠭᠡᠳᠦ ᠶ᠋ᠢᠨ ᠦᠶ᠎ᠡ ᠡᠴᠡ ᠪᠡᠨ
ᠠᠷᠪᠢᠵᠢᠭᠤᠯᠵᠤ ᠢᠷᠡᠵᠡᠢ ᠮᠣᠩᠭᠣᠯᠴᠤᠳ
ᠠᠰᠢᠭ ᠰᠢᠮ᠎ᠡ ᠶ᠋ᠢᠨ ᠭᠠᠷᠤᠯᠲᠠ ᠪᠠᠨ
ᠡᠳ᠋ᠯᠡᠭᠦᠯᠵᠦ ᠢᠷᠡᠵᠡᠢ ᠮᠣᠩᠭᠣᠯᠴᠤᠳ ᠲᠤ᠌

ᠰᠢᠷᠬᠡᠭ ᠰᠢᠷᠬᠡᠭ ᠨᠣᠣᠰᠣ ᠨᠢ
ᠰᠢᠵᠢᠷ ᠽᠠᠨᠳᠠᠨ ᠮᠢᠨᠳᠠᠰᠤ ᠶᠤᠮ
ᠴᠡᠮᠴᠡᠭᠡᠷ ᠮᠣᠩᠭᠣᠯ ᠭᠡᠷ ᠢ᠋ ᠮᠢᠨᠢ
ᠰᠢᠨᠡᠳᠬᠡᠵᠦ ᠥᠭᠳᠡᠭ ᠪᠦᠷᠬᠦᠭᠡᠰᠦ ᠶᠤᠮ

ᠰᠢᠷᠢᠳᠡᠭ ᠣᠯᠪᠣᠭ ᠤᠷᠠᠯᠠᠬᠤ ᠳ᠋ᠤ᠌
ᠴᠢᠮᠡᠭ ᠪᠣᠯᠵᠤ ᠢᠷᠡᠭᠰᠡᠭᠡᠷ ᠶᠤᠮ
ᠰᠢᠨᠡᠬᠡᠨ ᠴᠠᠭᠠᠨ ᠭᠡᠷ ᠲᠦ᠍ ᠮᠢᠨᠢ
ᠲᠤᠭᠤᠷᠭ᠎ᠠ ᠳᠡᠭᠡᠪᠦᠷ ᠪᠣᠯᠤᠭᠰᠠᠭᠠᠷ

ᠢᠰᠡᠭᠡᠢ ᠲᠤᠭᠤᠷᠭᠠᠲᠠᠨ ᠤ᠋ ᠠᠯᠳᠠᠷ
ᠡᠭᠦᠨ ᠳ᠋ᠦ᠍ ᠬᠡᠯᠬᠢᠶ᠎ᠡ ᠬᠣᠯᠪᠣᠭ᠎ᠠ ᠲᠠᠢ
ᠡᠳ᠋ᠯᠡᠯ ᠬᠡᠷᠡᠭᠰᠡᠯ ᠪᠦᠬᠦᠨ ᠳ᠋ᠦ᠍ ᠪᠡᠨ
ᠡᠷᠬᠢᠮ ᠪᠦᠷᠢᠨ ᠪᠦᠷᠢᠳᠬᠡᠯ ᠲᠡᠢ

ᠬᠦᠢᠲᠡᠨ ᠬᠠᠯᠠᠭᠤᠨ ᠢ᠋ ᠬᠠᠯᠬᠠᠯᠠᠵᠤ
ᠬᠡᠢᠮᠣᠷᠢᠲᠤ ᠮᠣᠩᠭᠣᠯ ᠢ᠋ᠶ᠋ᠠᠨ ᠡᠭᠦᠰᠬᠡᠭᠰᠡᠨ ᠶᠤᠮ
ᠭᠬᠢᠪ ᠲᠣᠷᠭᠠᠨ ᠡᠳ᠋ᠯᠡᠯ ᠲᠡᠢ
ᠬᠡᠷᠡᠭᠰᠡᠯ ᠡᠯᠪᠡᠭ ᠬᠣᠨᠢ ᠶᠤᠮ

ᠰᠢᠷᠡᠭᠡᠨ ᠶᠡᠬᠡ ᠳᠠᠢᠯᠠᠯᠭ᠎ᠠ ᠳ᠋ᠤ᠌ ᠪᠠᠨ
ᠰᠢᠭᠦᠰᠦ ᠯᠡ ᠬᠣᠨᠢ ᠣᠷᠣᠳᠠᠭ ᠶᠤᠮ
ᠴᠢᠩ ᠰᠡᠳᠬᠢᠯ ᠦ᠋ᠨ ᠬᠦᠨᠳᠦᠳᠬᠡᠯ ᠢ᠋
ᠬᠣᠨᠢ ᠮᠢᠨᠢ ᠲᠥᠯᠥᠭᠡᠯᠡᠵᠦ ᠪᠠᠢᠳᠠᠭ ᠶᠤᠮ

ᠡᠷᠲᠡᠨ ᠡᠳᠦᠭᠡ ᠶ᠋ᠢᠨ ᠡᠳ᠋ᠯᠡᠯ ᠳ᠋ᠦ᠍ ᠪᠡᠨ
ᠬᠣᠨᠢᠨ ᠤ᠋ ᠠᠰᠢᠭ ᠲᠤᠢᠯ ᠤ᠋ᠨ ᠶᠡᠬᠡ
ᠥᠭᠯᠢᠭᠡ ᠪᠡᠯᠡᠭ ᠭᠣᠶᠣᠬᠠᠨ ᠳ᠋ᠤ᠌ ᠪᠠᠨ
ᠬᠣᠨᠢᠨ ᠤ᠋ ᠬᠡᠷᠡᠭᠯᠡᠭᠡ ᠬᠣᠣᠰ ᠦᠭᠡᠢ ᠲᠠ

ᠤᠯᠤᠰ ᠤ᠋ᠨ ᠳᠣᠲᠣᠭᠠᠳᠤ ᠭᠠᠳᠠᠭᠠᠳᠤ ᠳ᠋ᠤ᠌
ᠬᠣᠨᠢᠨ ᠤ᠋ ᠦᠷᠡᠵᠢᠯᠲᠡ ᠲᠦᠭᠡᠮᠡᠯ
ᠢᠵᠠᠭᠤᠷ ᠮᠣᠩᠭᠣᠯ ᠤ᠋ᠨ ᠠᠰᠢᠭ ᠲᠤ᠌
ᠬᠣᠨᠢ ᠣᠳᠣ ᠬᠡᠵᠢᠶᠡᠳᠡ ᠠᠰᠢᠭᠲᠠᠢ

ᠳᠡᠯᠡᠬᠡᠢ ᠨᠡᠢᠲᠡ ᠳᠠᠶᠠᠭᠠᠷ ᠲᠤ᠌ ᠪᠠᠨ
ᠳᠡᠯᠭᠡᠷ ᠦᠷᠡᠵᠢᠯ ᠲᠡᠢ ᠬᠣᠨᠢ ᠯᠠ ᠪᠠᠢᠨ᠎ᠠ
ᠳᠡᠭᠡᠳᠦ ᠬᠥᠬᠡ ᠮᠣᠩᠭᠣᠯᠴᠤᠳ ᠢ᠋
ᠳᠡᠭᠵᠢᠷᠡᠭᠦᠯᠵᠦ ᠢᠷᠡᠭᠰᠡᠨ ᠨᠢ ᠬᠣᠨᠢ ᠯᠠ ᠪᠠᠢᠨ᠎ᠠ

ᠬᠥᠮᠦᠨ ᠲᠥᠷᠥᠯᠬᠢᠲᠡᠨ ᠦ᠌ ᠬᠡᠷᠡᠭᠴᠡᠭᠡᠨ ᠳ᠋ᠦ᠍ ᠪᠡᠨ
ᠬᠦᠷᠲᠡᠭᠡᠮᠵᠢ ᠶᠡᠬᠡ ᠲᠡᠢ ᠨᠢ ᠬᠣᠨᠢ ᠯᠠ ᠪᠠᠢᠨ᠎ᠠ
ᠬᠥᠬᠡ ᠮᠣᠩᠭᠣᠯ ᠤ᠋ᠨ ᠮᠠᠯᠴᠢᠳ ᠢ᠋ᠶ᠋ᠠᠨ
ᠬᠥᠭᠵᠢᠭᠦᠯᠵᠦ ᠠᠷᠪᠢᠵᠢᠭᠤᠯᠤᠭᠰᠠᠨ ᠲᠡᠵᠢᠭᠡᠪᠦᠷᠢ ᠪᠠᠢᠨ᠎ᠠ

ᠮᠣᠩᠭᠣᠯ ᠤ᠋ᠨ ᠴᠠᠭᠠᠨ ᠬᠣᠨᠢᠳ ᠮᠢᠨᠢ
ᠮᠣᠯᠣᠷ ᠴᠠᠭᠠᠨ ᠰᠤᠪᠤᠳ ᠯᠠ ᠪᠠᠢᠨ᠎ᠠ
ᠮᠥᠨ ᠴᠦ᠍ ᠮᠣᠩᠭᠣᠯ ᠠᠷᠠᠳ ᠤ᠋ᠨ ᠢ᠋ᠶ᠋ᠠᠨ
ᠡᠷᠬᠢᠮ ᠲᠡᠵᠢᠭᠡᠪᠦᠷᠢ ᠨᠢ ᠬᠣᠨᠢ ᠯᠠ ᠪᠠᠢᠨ᠎ᠠ

ᠡᠷᠲᠡ ᠴᠠᠭ ᠢ᠋ᠶ᠋ᠠᠨ ᠳᠠᠪᠰᠢᠭᠠᠳ
ᠡᠭᠦᠯᠳᠡᠷ ᠤᠭᠰᠠᠭ᠎ᠠ ᠨᠢ ᠰᠠᠢᠵᠢᠷᠠᠵᠤ ᠪᠠᠢᠨ᠎ᠠ
ᠡᠷᠳᠡᠨᠢ ᠶ᠋ᠢᠨ ᠴᠠᠭᠠᠨ ᠬᠣᠨᠢ ᠯᠠ ᠮᠢᠨᠢ
ᠡᠨᠡ ᠳᠡᠯᠡᠬᠡᠢ ᠳ᠋ᠦ᠍ ᠲᠦᠭᠡᠵᠦ ᠪᠠᠢᠨ᠎ᠠ

ᠴᠢᠨᠳᠠᠭᠠᠨ ᠴᠠᠭᠠᠨ ᠢᠮᠠᠭ᠎ᠠ ᠭᠡᠵᠦ
ᠴᠢᠨᠠᠷ ᠦᠭᠡᠢ ᠠᠮᠢᠲᠠᠨ ᠪᠢᠰᠢ
ᠲᠠᠪᠤᠨ ᠬᠣᠰᠢᠭᠤ ᠮᠠᠯ ᠤ᠋ᠨ ᠮᠢᠨᠢ
ᠲᠡᠰᠢᠶ᠎ᠡ ᠴᠦ᠍ ᠦᠭᠡᠢ ᠨᠢᠭᠡᠨ ᠪᠠᠢᠨ᠎ᠠ ᠳᠠ

ᠠᠷᠠᠰᠤ ᠨᠣᠣᠰᠣ ᠶ᠋ᠢᠨ ᠬᠡᠷᠡᠭᠴᠡᠭᠡ ᠪᠡᠷ
ᠬᠣᠨᠢ ᠲᠠᠢ ᠠᠳᠠᠯᠢ ᠲᠡᠵᠢᠭᠡᠪᠦᠷᠢ ᠪᠠᠢᠨ᠎ᠠ
ᠠᠩᠬ᠎ᠠ ᠡᠷᠲᠡᠨ ᠡᠴᠡ ᠮᠣᠩᠭᠣᠯᠴᠤᠳ
ᠠᠷᠪᠢᠵᠢᠭᠤᠯᠵᠤ ᠥᠰᠬᠡᠵᠦ ᠢᠷᠡᠭᠰᠡᠨ ᠪᠠᠢᠨ᠎ᠠ

ᠮᠢᠬ᠎ᠠ ᠰᠢᠭᠦᠰᠦ ᠶ᠋ᠢᠨ ᠭᠠᠷᠤᠯᠲᠠ ᠪᠠᠷ
ᠮᠥᠨ ᠴᠦ᠍ ᠬᠣᠨᠢ ᠲᠠᠢ ᠠᠳᠠᠯᠢ ᠪᠠᠢᠨ᠎ᠠ
ᠮᠠᠰᠢ ᠡᠷᠲᠡᠨ ᠡᠴᠡ ᠮᠣᠩᠭᠣᠯᠴᠤᠳ
ᠮᠠᠯᠵᠢᠵᠤ ᠢᠷᠡᠭᠰᠡᠨ ᠲᠡᠦᠬᠡ ᠲᠡᠢ ᠪᠠᠢᠨ᠎ᠠ

ᠦᠷᠡᠵᠢᠵᠦ ᠥᠰᠬᠡᠬᠦ ᠳ᠋ᠦ᠍ ᠲᠦᠷᠭᠡᠨ ᠶᠤᠮ
ᠦᠰᠦ ᠨᠣᠣᠯᠣᠭᠤᠷ ᠨᠢ ᠨᠠᠷᠢᠯᠢᠭ ᠶᠤᠮ
ᠥᠭᠡᠬᠦ ᠮᠢᠬ᠎ᠠ ᠪᠠᠷ ᠡᠯᠪᠡᠭ ᠶᠤᠮ
ᠥᠳᠬᠡᠨ ᠴᠡᠩᠬᠡᠷ ᠰᠦ ᠲᠡᠢ ᠶᠤᠮ

ᠬᠦᠢᠲᠡᠨ ᠬᠠᠯᠠᠭᠤᠨ ᠳ᠋ᠤ᠌ ᠲᠡᠰᠪᠦᠷᠢ ᠲᠡᠢ
ᠬᠥᠳᠡᠭᠡᠯᠡᠵᠦ ᠮᠠᠯᠵᠢᠬᠤ ᠳ᠋ᠤ᠌ ᠲᠣᠬᠢᠷᠠᠮᠵᠢ ᠲᠠᠢ
ᠬᠣᠲᠠ ᠨᠤᠲᠤᠭ ᠲᠤ᠌ ᠪᠠᠨ ᠡᠭᠡᠯᠢᠲᠡᠢ
ᠬᠣᠩᠭᠣᠷ ᠴᠠᠭᠠᠨ ᠵᠢᠰᠦᠮ ᠲᠡᠢ

ᠲᠥᠯᠵᠢᠯ ᠰᠠᠢᠲᠠᠢ ᠢᠮᠠᠭ᠎ᠠ ᠪᠠᠨ
ᠲᠦᠮᠡ ᠮᠢᠩᠭ᠎ᠠ ᠪᠠᠷ ᠥᠰᠬᠡᠭᠰᠡᠭᠡᠷ
ᠲᠡᠷᠢᠭᠦᠨ ᠦ᠌ ᠠᠵᠤ ᠦᠢᠯᠡᠳᠪᠦᠷᠢ ᠶ᠋ᠢᠨ
ᠲᠦᠭᠦᠬᠡᠢ ᠡᠳ᠋ ᠢ᠋ ᠬᠠᠩᠭᠠᠭᠰᠠᠭᠠᠷ

ᠮᠠᠨ ᠤ᠋ ᠮᠣᠩᠭᠣᠯ ᠦᠨᠳᠦᠰᠦᠲᠡᠨ ᠦ᠌
ᠮᠠᠯ ᠴᠣᠭᠴᠠ ᠶ᠋ᠢᠨ ᠪᠦᠷᠢᠯᠳᠦᠬᠦᠨ
ᠬᠡᠳᠦᠨ ᠮᠢᠩᠭᠠᠨ ᠣᠨ ᠵᠢᠯ
ᠬᠡᠴᠢᠨᠡᠨ ᠴᠢᠷᠮᠠᠢᠵᠤ ᠬᠥᠭᠵᠢᠭᠦᠯᠦᠭᠰᠡᠭᠡᠷ

ᠲᠠᠪᠤᠨ ᠬᠣᠰᠢᠭᠤ ᠮᠠᠯ ᠢ᠋ ᠪᠡᠨ
ᠲᠠᠯ᠎ᠠ ᠳᠦᠭᠦᠷᠭᠡᠨ ᠪᠢᠯᠬᠠᠭᠤᠯᠤᠶ᠎ᠠ
ᠲᠠᠷᠭᠤᠨ ᠬᠡᠦᠬᠡᠳ ᠰᠢᠭ ᠥᠰᠬᠡᠭᠡᠳ
ᠲᠠᠩᠰᠤᠭ ᠪᠠᠶᠠᠨ ᠠᠮᠢᠳᠤᠷᠠᠶ᠎ᠠ

ᠤᠳᠤᠮᠲᠤ ᠪᠠᠶᠠᠨ ᠮᠠᠯ ᠰᠥᠷᠦᠭ ᠦ᠋ᠨ
ᠤᠭᠰᠠᠭ᠎ᠠ ᠡᠭᠦᠯᠳᠡᠷ ᠢ᠋ ᠰᠠᠢᠵᠢᠷᠠᠭᠤᠯᠤᠶ᠎ᠠ
ᠤᠯᠤᠰ ᠣᠷᠣᠨ ᠤ᠋ ᠣᠳᠣᠬᠢᠴᠢᠯᠠᠯᠲᠠ ᠳ᠋ᠤ᠌
ᠤᠯᠠᠮ ᠨᠡᠮᠡᠷᠢ ᠣᠷᠣᠭᠤᠯᠤᠶ᠎ᠠ!

  ᠦᠰᠦᠭ ᠠᠮᠢᠯᠠᠭᠤᠯᠤᠭᠴᠢ᠄ ᠡᠩᠬᠡᠮᠡᠨᠳᠦ
  ᠦᠰᠦᠭ ᠬᠠᠲᠠᠭᠴᠢ᠄ ᠡᠩᠬᠡᠮᠡᠨᠳᠦ
  ᠬᠢᠨᠠᠭᠴᠢ ᠪᠠᠭᠰᠢ᠄ ᠠᠯᠲᠠᠨᠴᠡᠴᠡᠭ᠂ ᠢᠷᠡᠭᠡᠳᠦᠢ᠂ ᠨᠠᠷᠠᠨᠮᠠᠨᠳᠠ᠂ ᠣᠳᠬᠠᠨᠰᠣ᠎ᠠ