ᠵᠠᠯᠠᠭᠤ ᠨᠠᠷᠠ -ᠬᠦᠷᠡᠯ᠂ ᠳᠦᠭᠦᠷᠡᠩᠵᠢᠷᠭᠠᠯ Залуу нар-Хүрэл,Дүүрэнжаргал
ᠵᠠᠯᠠᠭᠤ ᠨᠠᠷᠠ
ᠦᠭᠡ᠄ ᠰᠠᠷᠠᠨᠴᠢᠮᠡᠭ
ᠠᠶ᠎ᠠ᠄ ᠨᠠᠴᠤᠭᠳᠣᠷᠵᠢ
ᠳᠠᠭᠤᠴᠢᠨ᠄ ᠬᠦᠷᠡᠯ᠂ ᠳᠦᠭᠦᠷᠡᠩᠵᠢᠷᠭᠠᠯ
ᠬᠥᠬᠡ ᠮᠣᠩᠭᠣᠯ ᠤ᠋ᠨ ᠭᠣᠯᠣᠮᠲᠠ ᠪᠣᠯᠤᠭᠰᠠᠨ
ᠬᠥᠪᠴᠢᠨ ᠳᠡᠯᠡᠬᠡᠢ ᠶ᠋ᠢᠨ ᠬᠦᠰᠡᠯ ᠪᠣᠯᠤᠭᠰᠠᠨ
ᠬᠥᠭᠵᠢᠬᠦ ᠢᠷᠡᠭᠡᠳᠦᠢ ᠶ᠋ᠢᠨ ᠲᠤᠭ ᠪᠣᠯᠤᠭᠰᠠᠨ
ᠬᠥᠯᠥᠨ ᠪᠤᠢᠷ ᠮᠢᠨᠢ ᠲᠡᠨᠢᠭᠡᠯᠡᠩ ᠵᠢᠷᠭᠠᠭᠠᠷᠠᠢ
ᠨᠡᠢᠲᠡ ᠣᠯᠠᠨ ᠢ᠋ᠶ᠋ᠠᠨ ᠲᠡᠭᠰᠢᠬᠡᠨ ᠵᠢᠷᠭᠠᠭᠠᠭᠰᠠᠨ
ᠰᠠᠷᠠᠭᠤᠯ ᠦᠢᠯᠡᠰ ᠢ᠋ᠶ᠋ᠡᠨ ᠰᠢᠮᠳᠠᠨ ᠴᠣᠭᠴᠠᠯᠠᠭᠰᠠᠨ
ᠨᠢᠭᠲᠠᠷᠠᠨ ᠪᠠᠶᠠᠰᠬᠤ ᠲᠦᠮᠡᠨ ᠦ᠌ ᠵᠢᠷᠦᠬᠡ
ᠰᠠᠴᠤᠷᠠᠨ ᠮᠠᠨᠳᠤᠬᠤ ᠵᠠᠯᠠᠭᠤ ᠨᠠᠷᠠ
ᠵᠠᠯᠠᠭᠤ ᠨᠠᠷᠠ᠂ ᠵᠠᠯᠠᠭᠤ ᠨᠠᠷᠠᠨ
ᠰᠠᠴᠤᠷᠠᠨ ᠮᠠᠨᠳᠤᠬᠤ ᠵᠠᠯᠠᠭᠤ ᠨᠠᠷᠠᠨ
ᠵᠠᠯᠠᠭᠤ ᠨᠠᠷᠠ᠂ ᠵᠠᠯᠠᠭᠤ ᠨᠠᠷᠠᠨ
ᠰᠠᠴᠤᠷᠠᠨ ᠮᠠᠨᠳᠤᠬᠤ ᠵᠠᠯᠠᠭᠤ ᠨᠠᠷᠠᠨ
ᠬᠥᠬᠡ ᠮᠣᠩᠭᠣᠯ ᠤ᠋ᠨ ᠭᠣᠯᠣᠮᠲᠠ ᠪᠣᠯᠤᠭᠰᠠᠨ
ᠬᠥᠪᠴᠢᠨ ᠳᠡᠯᠡᠬᠡᠢ ᠶ᠋ᠢᠨ ᠬᠦᠰᠡᠯ ᠢ᠋ ᠳᠠᠯᠠᠯᠤᠭᠰᠠᠨ
ᠬᠥᠭᠵᠢᠬᠦ ᠢᠷᠡᠭᠡᠳᠦᠢ ᠶ᠋ᠢᠨ ᠲᠤᠭ ᠪᠣᠯᠤᠭᠰᠠᠨ
ᠬᠥᠯᠥᠨ ᠪᠤᠢᠷ ᠮᠢᠨᠢ ᠲᠡᠨᠢᠭᠡᠯᠡᠩ ᠵᠢᠷᠭᠠᠭᠠᠷᠠᠢ
ᠬᠥᠯᠥᠨ ᠪᠤᠢᠷ᠂ ᠬᠥᠯᠥᠨ ᠪᠤᠢᠷ ᠮᠢᠨᠢ
ᠲᠡᠨᠢᠭᠡᠯᠡᠩ ᠵᠢᠷᠭᠠᠵᠤ ᠣᠮᠣᠭᠯᠠᠩ ᠮᠠᠨᠳᠠ
ᠬᠥᠯᠥᠨ ᠪᠤᠢᠷ᠂ ᠬᠥᠯᠥᠨ ᠪᠤᠢᠷ ᠮᠢᠨᠢ
ᠲᠡᠨᠢᠭᠡᠯᠡᠩ ᠵᠢᠷᠭᠠᠵᠤ ᠣᠮᠣᠭᠯᠠᠩ ᠮᠠᠨᠳᠠ
ᠵᠠᠯᠠᠭᠤ ᠨᠠᠷᠠ᠂ ᠵᠠᠯᠠᠭᠤ ᠨᠠᠷᠠᠨ
ᠰᠠᠴᠤᠷᠠᠨ ᠮᠠᠨᠳᠤᠬᠤ ᠵᠠᠯᠠᠭᠤ ᠨᠠᠷᠠᠨ
ᠵᠠᠯᠠᠭᠤ ᠨᠠᠷᠠ᠂ ᠵᠠᠯᠠᠭᠤ ᠨᠠᠷᠠᠨ
ᠰᠠᠴᠤᠷᠠᠨ ᠮᠠᠨᠳᠤᠬᠤ ᠵᠠᠯᠠᠭᠤ ᠨᠠᠷᠠᠨ
ᠦᠰᠦᠭ ᠠᠮᠢᠯᠠᠭᠤᠯᠤᠭᠴᠢ᠄ ᠢᠳᠰᠢᠨ
ᠦᠰᠦᠭ ᠬᠠᠳᠠᠭᠴᠢ᠄ ᠢᠳᠰᠢᠨ
ᠬᠢᠨᠠᠭᠴᠢ ᠄ ᠪᠤᠤ᠂ ᠰᠠᠷᠠᠨ᠎ᠠ