ᠬᠤᠨ ᠴᠡᠴᠡᠭХун цэцэг Khun tsetseg
ᠬᠤᠨ ᠴᠡᠴᠡᠭ
ᠲᠤᠰ ᠡᠮ ᠪᠣᠯ ᠵᠢᠭᠠᠷᠲᠤ ᠮᠣᠳᠣᠨ ᠤ᠋ ᠢᠵᠠᠭᠤᠷ ᠤ᠋ᠨ ᠤᠷᠭᠤᠮᠠᠯ ᠪᠣᠯᠬᠤ ᠠᠭᠤᠯᠠᠨ ᠬᠤᠤᠵᠤᠤ ᠶ᠋ᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠪᠠᠰᠠ ᠷᠢᠨᠴᠢᠨᠨᠢᠶᠠᠭ ᠭᠡᠳᠡᠭ᠃
[ ᠤᠤᠯ ᠤᠷᠭᠤᠮᠠᠯ] ᠪᠤᠲᠠ ᠮᠣᠳᠣ ᠪᠤᠶᠤ ᠵᠢᠵᠢᠭ ᠲᠤᠷᠤᠭ ᠮᠣᠳᠣ᠃3~10m ᠥᠨᠳᠥᠷ᠂ ᠮᠠᠰᠢ ᠠᠩᠬᠢᠯᠤᠮ᠎ᠠ ᠦᠨᠦᠷ ᠲᠡᠢ᠃ ᠬᠣᠯᠲᠣᠰᠣ ᠨᠢ ᠴᠠᠢᠪᠤᠷ ᠬᠦᠷᠡᠩ᠂ ᠵᠢᠵᠢᠭ ᠮᠥᠴᠢᠷ ᠨᠢ ᠨᠣᠭᠣᠭᠠᠨ᠃ ᠳᠠᠩ ᠨᠠᠪᠴᠢ ᠲᠠᠢ᠂ ᠴᠤᠪᠤᠷᠠᠨ ᠤᠷᠭᠤᠨ᠎ᠠ᠂ ᠨᠢᠮᠭᠡᠨ ᠴᠠᠭᠠᠰᠤᠯᠢᠭ᠂ ᠨᠠᠪᠴᠢᠨ ᠢᠯᠲᠠᠰᠤ ᠨᠢ ᠬᠠᠪᠲᠠᠭᠠᠢ ᠲᠡᠪᠡᠨᠡ ᠪᠤᠶᠤ ᠤᠷᠲᠤᠯᠵᠢᠨ ᠵᠤᠤᠪᠠᠩ ᠬᠡᠯᠪᠡᠷᠢ ᠲᠡᠢ᠂4~11cm ᠤᠷᠲᠤ᠂1.5~2.5cm ᠥᠷᠭᠡᠨ᠂ ᠱᠣᠪᠣᠭᠣᠷ ᠣᠷᠣᠢ ᠲᠠᠢ᠂ ᠱᠠᠭᠠᠨᠲᠠᠭ ᠤᠭ ᠲᠠᠢ᠂ ᠪᠦᠲᠦᠨ ᠬᠥᠪᠡᠭᠡ ᠲᠡᠢ᠂ ᠨᠠᠪᠴᠢᠨ ᠥᠪᠥᠷ ᠨᠢ ᠭᠦᠨ ᠨᠣᠭᠣᠭᠠᠨ᠂ ᠠᠷᠤ ᠨᠢ ᠶᠠᠭᠠᠪᠲᠤᠷ ᠨᠣᠭᠣᠭᠠᠨ ᠥᠩᠭᠡ ᠲᠡᠢ᠃ ᠨᠠᠪᠴᠢᠨ ᠪᠠᠷᠢᠭᠤᠯ ᠨᠢ ᠨᠠᠷᠢᠨ᠂4~12mm ᠤᠷᠲᠤ᠃ ᠣᠨᠳᠣᠣ ᠬᠡᠷᠲᠡᠢ᠃ ᠰᠢᠬᠦᠷ ᠬᠡᠯᠪᠡᠷᠢᠲᠦ ᠴᠣᠮᠬᠠᠨ ᠪᠠᠭ ᠴᠡᠴᠡᠭ ᠨᠢ ᠪᠠᠭᠴᠠ ᠪᠣᠯᠵᠤ ᠨᠠᠪᠴᠢᠨ ᠥᠪᠥᠷ ᠲᠤᠨᠢ ᠳᠡᠯᠭᠡᠷᠡᠨ᠎ᠡ᠃ ᠤᠷᠢᠳ ᠢ᠋ᠶ᠋ᠠᠷ ᠨᠠᠪᠴᠢᠯᠠᠨᠠ᠂ ᠴᠡᠴᠡᠭ ᠦ᠋ᠨ ᠶᠡᠷᠦᠩᠬᠡᠢ ᠪᠠᠷᠢᠭᠤᠯ ᠨᠢ ᠨᠠᠷᠢᠬᠠᠨ᠂ ᠶᠡᠷᠦᠩᠬᠡᠢ ᠪᠠᠭᠯᠠᠭᠴᠢ ᠢᠯᠲᠠᠰᠤ ᠨᠢ4᠂4~6 ᠬᠦᠢᠰ ᠴᠡᠴᠡᠭ ᠲᠡᠢ᠃ ᠴᠡᠴᠡᠭ ᠦ᠋ᠨ ᠰᠢᠳᠠᠷ ᠨᠢ6 ᠰᠡᠵᠢᠭᠦᠷ ᠢᠯᠲᠠᠰᠤ ᠲᠠᠢ᠃ ᠲᠣᠩᠭᠣᠷᠤᠤ ᠥᠨᠳᠡᠭᠡᠯᠵᠢᠨ ᠬᠡᠯᠪᠡᠷᠢ ᠲᠡᠢ᠂2mm ᠣᠷᠴᠢᠮ ᠤᠷᠲᠤ᠃ ᠡᠷ᠎ᠡ ᠴᠡᠴᠡᠭ ᠦ᠋ᠨ ᠳ᠋ᠢᠶᠠᠮᠧᠲ᠋ᠷ ᠨᠢ3mm ᠣᠷᠴᠢᠮ᠂9 ᠡᠷ᠎ᠡ ᠲᠣᠭᠣᠷᠴᠣᠭ ᠲᠠᠢ᠂ ᠭᠣᠣᠯ ᠳ᠋ᠤᠨᠢ ᠵᠤᠤᠪᠠᠩ ᠬᠡᠯᠪᠡᠷᠢᠲᠦ ᠬᠥᠭᠵᠢᠯ ᠦᠭᠡᠢ ᠡᠮ᠎ᠡ ᠲᠣᠭᠣᠷᠴᠣᠭ ᠲᠠᠢ᠃ ᠡᠮ᠎ᠡ ᠴᠡᠴᠡᠭ ᠦ᠋ᠨ ᠳ᠋ᠢᠶᠠᠮᠧᠲ᠋ᠷ ᠨᠢ2mm ᠣᠷᠴᠢᠮ ᠪᠥᠭᠡᠳ ᠥᠨᠳᠡᠭᠡᠯᠵᠢᠨ ᠬᠡᠯᠪᠡᠷᠢ ᠲᠡᠢ᠂ ᠴᠡᠴᠡᠭ ᠦ᠋ᠨ ᠪᠠᠭᠠᠨ᠎ᠠ ᠨᠢ ᠣᠬᠣᠷ᠂ ᠪᠠᠭᠠᠨ᠎ᠠ ᠶ᠋ᠢᠨ ᠠᠮᠠᠰᠠᠷ ᠨᠢ ᠲᠣᠯᠣᠭᠠᠢ ᠬᠡᠯᠪᠡᠷᠢ ᠲᠡᠢ᠃ ᠰᠢᠭᠦᠰᠦᠯᠢᠭ ᠵᠢᠮᠢᠰ ᠰᠢᠭ ᠶᠠᠰᠤᠲᠤ ᠵᠢᠮᠢᠰ ᠨᠢ ᠪᠥᠮᠪᠥᠭᠡᠯᠢᠭ ᠬᠡᠯᠪᠡᠷᠢ ᠲᠡᠢ ᠪᠥᠭᠡᠳ ᠳ᠋ᠢᠶᠠᠮᠧᠲ᠋ᠷ ᠨᠢ4~5mm ᠬᠠᠷ᠎ᠠ ᠥᠩᠭᠡ ᠲᠡᠢ᠂ ᠵᠢᠮᠢᠰ ᠦ᠋ᠨ ᠪᠠᠷᠢᠭᠤᠯ ᠨᠢ4mm ᠤᠷᠲᠤ᠃ ᠦᠷ᠎ᠡ ᠨᠢ ᠢᠷᠮᠡᠭᠲᠦ ᠨᠢᠷᠤᠭᠤ ᠲᠠᠢ᠃4~5 ᠳ᠋ᠤᠭᠠᠷ ᠰᠠᠷ᠎ᠠ ᠳ᠋ᠤ᠌ ᠴᠡᠴᠡᠭᠯᠡᠵᠦ᠂7~11 ᠳ᠋ᠦ᠍ᠭᠡᠷ ᠰᠠᠷ᠎ᠠ ᠳ᠋ᠤ᠌ ᠵᠢᠮᠢᠰᠯᠡᠨ᠎ᠡ᠃
[ ᠤᠷᠭᠤᠬᠤ ᠣᠷᠴᠢᠨ ᠬᠢᠭᠡᠳ ᠲᠠᠷᠬᠠᠴᠠ] ᠡᠭᠡᠪᠦᠷ ᠳᠣᠪᠣᠷᠬᠠᠭ ᠭᠠᠵᠠᠷ᠂ ᠪᠤᠲᠠ ᠰᠥᠭᠡᠭ ᠳᠤᠮᠳᠠ᠂ ᠣᠢ ᠶ᠋ᠢᠨ ᠬᠥᠪᠡᠭᠡ ᠪᠡᠷ ᠤᠷᠭᠤᠨ᠎ᠠ᠃ ᠵᠢᠶᠠᠩᠰᠦ᠂ ᠵᠧᠵᠢᠶᠠᠩ᠂ ᠵᠢᠶᠠᠩᠰᠢ᠂ ᠹᠦᠵᠢᠶᠠᠨ᠂ ᠬᠤᠪᠧᠢ᠂ ᠬᠤᠨᠠᠨ᠂ ᠭᠤᠸᠠᠩᠳᠥ᠋ᠩ᠂ ᠬᠠᠢᠨᠠᠨ᠂ ᠭᠤᠸᠠᠩᠰᠢ᠂ ᠶᠦᠨᠨᠠᠨ᠂ ᠭᠦᠢᠵᠧᠦ ᠳ᠋ᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠨᠠᠮᠤᠷ᠂ ᠵᠢᠮᠢᠰ ᠨᠢ ᠪᠣᠯᠪᠠᠰᠤᠷᠠᠬᠤ ᠳ᠋ᠤᠨᠢ ᠲᠡᠭᠦᠵᠦ᠂ ᠬᠣᠯᠢᠮᠠᠭ ᠵᠦᠢᠯ ᠢ᠋ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠃ ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠡᠰᠡ ᠰᠢᠩᠭᠡᠭᠰᠡᠨ ᠢ᠋ ᠰᠢᠩᠭᠡᠵᠦ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠪᠠᠳᠭ᠋ᠠᠨ ᠡᠪᠡᠳᠴᠢᠨ᠂ ᠮᠢᠬᠠᠨ ᠤ᠋ ᠬᠣᠣᠷ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄荜澄茄(山鸡椒)
ᠠᠩᠭ᠌ᠯᠢ ᠨᠡᠷ᠎ᠡ᠄Lisea lubeba (Lour.) pers.
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠣᠣᠬᠤᠸᠠᠷ
