ᠬᠥᠮᠦᠨ ᠨᠢᠴᠦᠭᠦᠨ᠂ ᠨᠣᠬᠠᠢ ᠦᠰᠦ ᠲᠡᠢ ᠪᠣᠯᠤᠭᠰᠠᠨ ᠦᠯᠢᠭᠡᠷХүн нүцгэн, нохой үстэй болсон үлгэр
ᠬᠥᠮᠦᠨ ᠨᠢᠴᠦᠭᠦᠨ᠂ ᠨᠣᠬᠠᠢ ᠦᠰᠦ ᠲᠡᠢ ᠪᠣᠯᠤᠭᠰᠠᠨ ᠦᠯᠢᠭᠡᠷ
ᠡᠷᠲᠡ ᠤᠷᠢᠳᠤ ᠴᠠᠭ ᠲᠤ᠌
ᠭᠠᠵᠠᠷ ᠤ᠋ᠨ ᠦᠷᠦ ᠰᠠᠶᠢ ᠲᠣᠭᠲᠠᠵᠤ
ᠭᠠᠯ ᠤ᠋ᠨ ᠬᠦᠢ ᠰᠠᠶᠢ ᠤᠯᠠᠢᠵᠤ
ᠰᠦᠨ ᠳᠠᠯᠠᠢ ᠶ᠋ᠢ ᠱᠠᠯᠪᠠᠭ ᠪᠠᠢᠬᠤ ᠳ᠋ᠤ᠌
ᠰᠦᠮᠪᠦᠷ ᠠᠭᠤᠯᠠ ᠶ᠋ᠢ ᠳᠣᠪᠣᠴᠠᠭ ᠪᠠᠢᠬᠤ ᠳ᠋ᠤ᠌
ᠨᠠᠷᠠ ᠰᠠᠶᠢ ᠮᠠᠨᠳᠤᠵᠤ ᠪᠠᠢᠬᠤ ᠳ᠋ᠤ᠌
ᠨᠠᠪᠴᠢ ᠰᠠᠶᠢ ᠳᠡᠯᠭᠡᠷᠡᠵᠦ ᠪᠠᠢᠬᠤ ᠳ᠋ᠤ᠌
ᠰᠠᠷ᠎ᠠ ᠰᠠᠶᠢ ᠮᠠᠨᠳᠤᠵᠤ ᠪᠠᠢᠬᠤ ᠳ᠋ᠤ᠌
ᠴᠠᠬᠢᠯᠳᠠᠭ ᠳᠥᠩᠭᠡᠵᠦ ᠬᠥᠬᠡᠷᠡᠵᠦ ᠪᠠᠢᠬᠤ ᠳ᠋ᠤ᠌
ᠪᠤᠷᠬᠠᠨ ᠪᠠᠭᠰᠢ ᠬᠥᠮᠦᠨ ᠲᠥᠷᠥᠯᠬᠢᠲᠡᠨ ᠢ᠋ ᠪᠦᠲᠦᠭᠡᠶ᠎ᠡ ᠭᠡᠮᠡᠨ ᠰᠢᠢᠳᠦᠭᠡᠳ᠂ ᠰᠢᠪᠠᠷ ᠢ᠋ᠶ᠋ᠠᠷ ᠡᠷ᠎ᠡ ᠡᠮ᠎ᠡ ᠬᠣᠶᠠᠷ ᠬᠥᠮᠦᠨ ᠦ᠌ ᠳᠦᠷᠰᠦ ᠬᠢᠵᠦ ᠲᠠᠯᠪᠢᠴᠢᠬᠠᠭᠠᠳ ᠠᠮᠢ ᠣᠷᠣᠭᠤᠯᠬᠤ ᠰᠠᠨᠠᠭ᠎ᠠ ᠲᠠᠢ ᠮᠥᠩᠬᠡ ᠶ᠋ᠢᠨ ᠷᠠᠰᠢᠶᠠᠨ ᠳ᠋ᠤ᠌ ᠶᠠᠪᠤᠬᠤ ᠪᠣᠯᠵᠠᠢ᠂
ᠲᠡᠭᠡᠭᠡᠳ ᠶᠠᠪᠤᠭᠰᠠᠨ ᠬᠣᠢᠭᠤᠷ ᠴᠢᠳᠬᠥᠷ ᠬᠣᠣᠷᠯᠠᠵᠤ ᠶᠠᠭᠤᠨ ᠮᠠᠭᠠᠳ ᠭᠡᠵᠦ ᠰᠡᠷᠡᠮᠵᠢᠯᠡᠭᠡᠳ ᠨᠣᠬᠠᠢ᠂ ᠮᠤᠤᠷ ᠬᠣᠶᠠᠷ ᠢ᠋ᠶ᠋ᠠᠷ ᠥᠨᠥᠬᠢ ᠬᠣᠶᠠᠷ ᠰᠢᠪᠡᠷ ᠬᠥᠮᠦᠨ ᠢ᠋ᠶ᠋ᠡᠨ ᠰᠠᠬᠢᠭᠤᠯᠬᠤ ᠪᠠᠷ ᠰᠢᠢᠳᠴᠦ ᠭᠡᠨ᠎ᠡ᠃
— ᠲᠠ ᠨᠠᠷ ᠡᠨᠡ ᠬᠣᠶᠠᠷ ᠰᠢᠪᠡᠷ ᠬᠥᠮᠦᠨ ᠢ᠋ ᠰᠠᠢᠨ ᠬᠠᠷᠠᠵᠤ ᠮᠠᠨᠠᠵᠤ ᠪᠠᠢᠭᠲᠤᠨ᠂ ᠨᠠᠮ᠎ᠠ ᠶ᠋ᠢ ᠮᠥᠩᠬᠡ ᠶ᠋ᠢᠨ ᠷᠠᠰᠢᠶᠠᠨ ᠠᠪᠴᠤ ᠢᠷᠡᠲᠡᠯ᠎ᠡ ᠠᠮᠢᠲᠠᠨ ᠪᠤᠤ ᠬᠠᠪᠢᠳᠠᠭᠤᠯ᠂ ᠪᠤᠤ ᠣᠢᠷᠠᠲᠤᠭᠤᠯ! ᠡᠨᠡ ᠬᠣᠶᠠᠷ ᠬᠥᠮᠦᠨ ᠢᠷᠡᠭᠡᠳᠦᠢ ᠳ᠋ᠦ᠍ ᠲᠠ ᠨᠠᠷ ᠤ᠋ᠨ ᠡᠵᠡᠨ ᠪᠣᠯᠵᠤ ᠢᠪᠡᠭᠡᠯ ᠬᠡᠰᠢᠭ ᠢ᠋ᠶ᠋ᠡᠨ ᠬᠦᠷᠲᠡᠭᠡᠬᠦ ᠲᠤᠯᠠ ᠨᠢᠳᠦ ᠴᠠᠪᠴᠢᠯ ᠦᠭᠡᠢ ᠬᠠᠷᠠᠵᠤ᠂ ᠮᠥᠴᠡ ᠠᠯᠳᠠᠯ ᠦᠭᠡᠢ ᠮᠠᠨᠠᠵᠤ ᠪᠠᠢᠭᠲᠤᠨ ᠭᠡᠮᠡᠨ ᠪᠤᠷᠬᠠᠨ ᠪᠠᠭᠰᠢ ᠲᠡᠷᠡ ᠬᠣᠶᠠᠷ ᠲᠤ᠌ ᠬᠢᠴᠢᠶᠡᠩᠭᠦᠢᠯᠡᠨ ᠵᠠᠬᠢᠵᠤ ᠬᠡᠯᠡᠵᠡᠢ᠃
ᠴᠢᠩᠭᠢᠲᠡᠯ᠎ᠡ ᠪᠤᠷᠬᠠᠨ ᠪᠠᠭᠰᠢ ᠶ᠋ᠢ ᠶᠠᠪᠤᠭᠰᠠᠨ ᠬᠣᠢᠭᠤᠷ ᠴᠢᠳᠬᠥᠷ᠂ ᠪᠤᠷᠬᠠᠨ ᠤ᠋ ᠲᠤᠭᠤᠷᠪᠢᠯ ᠢ᠋ ᠬᠣᠣᠷᠯᠠᠬᠤ ᠰᠠᠨᠠᠭ᠎ᠠ ᠲᠠᠢ ᠬᠦᠷᠴᠦ ᠢᠷᠡᠲᠡᠯ᠎ᠡ ᠨᠣᠬᠠᠢ ᠮᠤᠤᠷ ᠬᠣᠶᠠᠷ ᠠᠷᠠᠭ᠎ᠠ ᠰᠢᠳᠦ ᠪᠡᠨ ᠢᠷᠠᠯᠵᠠᠭᠤᠯᠵᠤ᠂ ᠠᠷᠬᠢᠷᠠᠵᠤ ᠬᠦᠷᠬᠢᠷᠡᠭᠡᠳ ᠣᠢᠷᠠᠲᠤᠭᠤᠯᠤᠭᠰᠠᠨ ᠦᠭᠡᠢ᠂ ᠲᠡᠭᠡᠬᠦ ᠪᠡᠷ ᠨᠢ ᠴᠢᠳᠬᠥᠷ ᠠᠷᠭ᠎ᠠ ᠰᠦᠪᠡᠭᠴᠢᠯᠡᠵᠦ ᠮᠤᠤᠷ ᠲᠤ᠌ ᠰᠦ᠂ ᠨᠣᠬᠠᠢ ᠳ᠋ᠤ᠌ ᠮᠢᠬ᠎ᠠ ᠠᠪᠴᠢᠷᠠᠵᠤ ᠦᠭᠭᠦᠭᠡᠳ ᠢᠳᠡᠵᠦ ᠪᠠᠢᠬᠤ ᠵᠠᠭᠤᠷ᠎ᠠ ᠳ᠋ᠤ᠌ ᠮᠥᠨᠥᠬᠢ ᠬᠣᠶᠠᠷ ᠰᠢᠪᠡᠷ ᠬᠥᠮᠦᠨ ᠦ᠌ ᠡᠷᠭᠢᠨ ᠲᠣᠭᠣᠷᠢᠨ ᠳ᠋ᠤ᠌ ᠨᠢ ᠪᠠᠬᠠᠨ ᠰᠢᠭᠡᠵᠦ ᠪᠤᠵᠠᠷᠯᠠᠵᠤ ᠣᠷᠬᠢᠭᠠᠳ ᠶᠠᠪᠤᠭᠠᠳ ᠥᠭᠴᠡᠢ᠃
ᠲᠡᠢᠨ ᠬᠦ᠌ ᠨᠢᠭᠡ ᠰᠠᠢᠬᠠᠨ ᠡᠳᠦᠷ ᠪᠤᠷᠬᠠᠨ ᠪᠠᠭᠰᠢ ᠮᠥᠩᠬᠡ ᠶ᠋ᠢᠨ ᠷᠠᠰᠢᠶᠠᠨ ᠠᠪᠴᠢᠷᠠᠵᠤ᠂ ᠠᠷᠢᠭᠤᠨ ᠮᠣᠳᠣᠷ ᠢ᠋ᠶ᠋ᠠᠷ ᠢ᠋ᠶ᠋ᠠᠨ ᠨᠥᠭᠥᠭᠡ ᠬᠣᠶᠠᠷ ᠰᠢᠪᠠᠷ ᠬᠥᠮᠦᠨ ᠢ᠋ᠶ᠋ᠡᠨ ᠠᠮᠢ ᠣᠷᠣᠭᠤᠯᠤᠶ᠎ᠠ ᠭᠡᠲᠡᠯ᠎ᠡ ᠦᠰᠦ ᠨᠢ ᠬᠡᠳᠦᠢᠨ ᠦ᠌ ᠪᠤᠵᠠᠷᠲᠤᠴᠢᠬᠠᠭᠰᠠᠨ ᠪᠠᠢᠬᠤ ᠨᠢ ᠲᠡᠷᠡ᠂ ᠪᠤᠷᠬᠠᠨ ᠪᠠᠭᠰᠢ ᠬᠢᠯᠢᠩᠨᠡᠵᠦ᠂《ᠡᠨᠡ ᠬᠥᠮᠦᠨ ᠦ᠌ ᠪᠤᠵᠠᠷ ᠮᠠᠭᠤᠬᠠᠢ ᠦᠰᠦ ᠶ᠋ᠢ ᠪᠤᠰᠢᠭᠤ ᠵᠤᠯᠪᠠ ᠳᠣᠯᠢᠶᠠᠵᠤ ᠠᠷᠢᠯᠭ᠎ᠠ!》 ᠭᠡᠮᠡᠨ ᠵᠠᠷᠯᠢᠭᠳᠠᠵᠠᠢ᠃ ᠮᠤᠤᠷ ᠴᠤ᠌ ᠵᠤᠯᠪᠠ ᠱᠣᠯᠣᠪ ᠳᠣᠯᠢᠶᠠᠵᠤ ᠭᠠᠭᠴᠠ ᠬᠥᠮᠦᠨ ᠦ᠌ ᠲᠣᠯᠣᠭᠠᠢ ᠶ᠋ᠢᠨ ᠦᠰᠦᠨ ᠳ᠋ᠦ᠍ ᠴᠢᠳᠬᠥᠷ ᠦ᠋ᠨ ᠰᠢᠭᠡᠰᠦ ᠬᠦᠷᠦᠭᠡ ᠦᠭᠡᠢ ᠤᠴᠢᠷ ᠲᠡᠷᠡ ᠬᠡᠪ ᠢ᠋ᠶ᠋ᠡᠷ ᠦᠯᠡᠳᠡᠭᠡᠵᠦ ᠪᠠᠰᠠ ᠰᠤᠭᠤ ᠴᠠᠪᠢᠨ ᠳ᠋ᠤ᠌ ᠨᠢ ᠮᠤᠤᠷ ᠤ᠋ᠨ ᠬᠡᠯᠡ ᠬᠦᠷᠦᠭᠡ ᠦᠭᠡᠢ ᠬᠣᠢᠨ᠎ᠠ ᠪᠠᠭ᠎ᠠ ᠰᠠᠭ᠎ᠠ ᠪᠤᠵᠠᠷ ᠦᠰᠦ ᠦᠯᠡᠳᠡᠵᠦ ᠬᠣᠴᠣᠷᠤᠭᠰᠠᠨ ᠠᠪᠠᠢ᠃
ᠪᠠᠰᠠ ᠪᠤᠷᠬᠠᠨ ᠪᠠᠭᠰᠢ ᠪᠣᠳᠣᠵᠤ ᠪᠣᠳᠣᠵᠤ ᠦᠭᠡ ᠵᠠᠷᠯᠢᠭ ᠢ᠋ ᠨᠢ ᠳᠠᠭᠠᠯ ᠦᠭᠡᠢ ᠰᠡᠷᠡᠮᠵᠢ ᠠᠯᠳᠠᠭᠰᠠᠨ ᠨᠣᠬᠠᠢ ᠶ᠋ᠢ ᠭᠡᠰᠬᠡᠬᠦ ᠪᠡᠷ ᠰᠢᠢᠳᠴᠦ᠂ ᠴᠢᠳᠬᠥᠷ ᠰᠢᠭᠡᠭᠰᠡᠨ ᠪᠤᠵᠠᠷ ᠮᠠᠭᠤᠬᠠᠢ ᠦᠰᠦ ᠶ᠋ᠢ ᠨᠢ ᠨᠣᠬᠠᠢ ᠳ᠋ᠤ᠌ ᠨᠥᠮᠥᠷᠭᠡᠨ ᠲᠣᠬᠣᠵᠤ ᠴᠡᠭᠡᠷᠯᠡᠭᠦᠯᠵᠡᠢ᠃
ᠡᠨᠡ ᠨᠢᠭᠡᠨ ᠶᠠᠪᠤᠳᠠᠯ ᠠ᠋ᠴᠠ ᠡᠭᠦᠰᠴᠦ ᠬᠥᠮᠦᠨ ᠨᠢᠴᠦᠭᠦᠨ ᠱᠠᠯᠳᠠᠩ᠂ ᠬᠠᠷᠢᠨ ᠨᠣᠬᠠᠢ ᠰᠠᠭᠰᠠᠭᠠᠷ ᠶᠡᠬᠡ ᠦᠰᠦ ᠲᠡᠢ ᠪᠣᠯᠤᠭᠰᠠᠨ ᠭᠡᠳᠡᠭ᠃ ᠪᠠᠰᠠ ᠮᠣᠩᠭᠣᠯᠴᠤᠳ ᠲᠡᠷᠡ ᠴᠠᠭ ᠠ᠋ᠴᠠ ᠬᠣᠢᠰᠢ ᠮᠤᠤᠷ ᠤ᠋ᠨ ᠬᠡᠯᠡ ᠪᠤᠵᠠᠷ᠂ ᠨᠣᠬᠠᠢ ᠶ᠋ᠢᠨ ᠦᠰᠦ ᠪᠤᠵᠠᠷ ᠭᠡᠮᠡᠨ ᠥᠪᠡᠷ ᠵᠠᠭᠤᠷ᠎ᠠ ᠪᠠᠨ ᠬᠡᠯᠡᠯᠴᠡᠳᠡᠭ ᠪᠣᠯᠤᠭᠰᠠᠨ ᠪᠢᠯᠡ᠃ ᠬᠥᠮᠦᠨ ᠲᠥᠷᠥᠯᠬᠢᠲᠡᠨ ᠴᠦ᠍ ᠴᠢᠳᠬᠥᠷ ᠦ᠋ᠨ ᠬᠣᠣᠷᠯᠠᠯ ᠢ᠋ᠶ᠋ᠠᠷ ᠪᠤᠵᠠᠷᠲᠤᠭᠰᠠᠨ ᠤᠴᠢᠷ ᠪᠤᠷᠬᠠᠨ ᠪᠠᠭᠰᠢ ᠬᠡᠳᠦᠢ ᠶᠡᠬᠡᠳᠡ ᠬᠢᠴᠢᠶᠡᠨ ᠠᠮᠠᠨ ᠳ᠋ᠤ᠌ ᠨᠢ ᠠᠷᠢᠭᠤᠨ ᠮᠣᠳᠣᠷ ᠢ᠋ᠶ᠋ᠠᠷ ᠢ᠋ᠶ᠋ᠠᠨ ᠮᠥᠩᠬᠡ ᠶ᠋ᠢᠨ ᠷᠠᠰᠢᠶᠠᠨ ᠳᠤᠰᠤᠭᠠᠵᠤ ᠥᠭᠭᠦᠭᠰᠡᠨ ᠴᠦ᠍ ᠮᠥᠩᠬᠡ ᠨᠠᠰᠤᠯᠠᠬᠤ ᠪᠠᠨ ᠥᠩᠭᠡᠷᠡᠵᠦ᠂ ᠵᠠᠭᠤᠷᠠᠳᠤ ᠪᠠᠷ ᠨᠠᠰᠤᠨ ᠬᠤᠲᠤᠭ ᠢ᠋ ᠣᠯᠳᠠᠭ ᠪᠣᠯᠤᠭᠰᠠᠨ ᠭᠡᠳᠡᠭ᠃
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠵᠢᠩᠯᠢᠬᠤᠸᠠᠷ
