ᠮᠣᠩᠭᠣᠯ ᠬᠣᠷᠸ᠎ᠠ -ᠦᠨᠡᠨᠪᠠᠲᠤМонгол хорвоо-Үнэнбат ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠣᠷᠸ᠎ᠠ -ᠦᠨᠡᠨᠪᠠᠲᠤМонгол хорвоо-Үнэнбат

ᠮᠣᠩᠭᠣᠯ ᠬᠣᠷᠸ᠎ᠠ -ᠦᠨᠡᠨᠪᠠᠲᠤМонгол хорвоо-Үнэнбат

ᠠᠩᠭᠢᠯᠠᠯ:ᠳᠠᠭᠤᠤ ᠬᠥᠭᠵᠢᠮ
2025-04-11

1195

ᠮᠣᠩᠭᠣᠯ ᠬᠣᠷᠸ᠎ᠠ

   ᠦᠭᠡ᠄ ᠣᠷᠭᠢᠯᠰᠠᠢᠬᠠᠨ᠂ ᠳ· ᠴᠣᠯᠮᠣᠨ 
   ᠠᠶ᠎ᠠ᠄ ᠤᠷᠲᠤᠨᠠᠰᠤᠨ 
   ᠳᠠᠭᠤᠴᠢᠨ᠄ ᠦᠨᠡᠨᠪᠠᠲᠤ 

ᠲᠣᠪᠴᠢᠯᠠᠵᠤ ᠪᠦᠰᠡᠯᠡᠳᠡᠭ ᠳᠡᠪᠡᠯ ᠮᠢᠨᠢ ᠮᠣᠩᠭᠣᠯ 
ᠲᠣᠭᠣᠷᠢᠭᠤᠯᠵᠤ ᠪᠠᠷᠢᠳᠠᠭ ᠳᠤᠭᠤᠷ᠎ᠠ ᠮᠣᠩᠭᠣᠯ 
ᠡᠷᠦᠬᠡ ᠪᠡᠨ ᠲᠠᠲᠠᠳᠠᠭ ᠪᠦᠰᠡᠭᠦᠢ ᠮᠢᠨᠢ ᠮᠣᠩᠭᠣᠯ 
ᠥᠨᠳᠥᠷᠯᠢᠭ ᠦ᠋ᠨ ᠣᠷᠣᠢ ᠳ᠋ᠤ᠌ ᠬᠣᠷᠸ᠎ᠠ ᠮᠣᠩᠭᠣᠯ 

ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ 
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ 
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ 
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ᠃

ᠡᠷᠡᠮᠡᠭ ᠬᠥᠯᠦᠭ ᠦ᠋ᠨ ᠡᠮᠡᠭᠡᠯ ᠨᠢ ᠮᠣᠩᠭᠣᠯ
ᠡᠷ᠎ᠡ ᠬᠥᠮᠦᠨ ᠦ᠌ ᠰᠥᠰᠥ ᠨᠢ ᠮᠣᠩᠭᠣᠯ
ᠡᠷᠭᠢᠵᠦ ᠶᠠᠪᠤᠭ᠎ᠠ ᠬᠡᠢᠮᠣᠷᠢ ᠨᠢ ᠮᠣᠩᠭᠣᠯ
ᠡᠷᠢᠯ ᠲᠤᠭᠤᠯᠤᠭᠰᠠᠨ ᠬᠣᠷᠸ᠎ᠠ ᠮᠣᠩᠭᠣᠯ

ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ
ᠤᠭᠰᠠᠭ᠎ᠠ ᠵᠠᠯᠭᠠᠬᠤ ᠤᠳᠤᠮ ᠮᠢᠨᠢ ᠮᠣᠩᠭᠣᠯ 
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ᠃

ᠦᠨᠡᠭᠡᠴᠢᠯᠡᠨ ᠮᠦᠰᠢᠶᠡᠬᠦ ᠦᠷᠡᠰ ᠮᠢᠨᠢ ᠮᠣᠩᠭᠣᠯ
ᠥᠨᠳᠥᠷ ᠲᠩᠷᠢ ᠶ᠋ᠢᠨ ᠥᠩᠭᠡ ᠨᠢ ᠮᠣᠩᠭᠣᠯ
ᠡᠬᠡ ᠶ᠋ᠢᠨ ᠰᠦᠨ ᠦ᠌ ᠠᠮᠲᠠ ᠨᠢ ᠮᠣᠩᠭᠣᠯ
ᠡᠷᠬᠢᠮᠯᠡᠨ ᠳᠡᠭᠡᠳᠦᠯᠡᠬᠦ ᠰᠦᠯᠳᠡ ᠮᠢᠨᠢ ᠮᠣᠩᠭᠣᠯ

ᠤᠨᠠᠭᠰᠠᠨ ᠰᠢᠷᠣᠢ ᠨᠤᠲᠤᠭ ᠮᠢᠨᠢ ᠮᠣᠩᠭᠣᠯ ᠮᠣᠩᠭᠣᠯ
ᠤᠶᠠᠩᠭᠠᠯᠠᠨ ᠳᠠᠭᠤᠯᠠᠬᠤ ᠳᠠᠭᠤᠤ ᠮᠢᠨᠢ ᠮᠣᠩᠭᠣᠯ 
ᠤᠭᠰᠠᠭ᠎ᠠ ᠵᠠᠯᠠᠭᠠᠬᠤ ᠤᠳᠤᠮ ᠮᠢᠨᠢ ᠮᠣᠩᠭᠣᠯ
ᠤᠬᠠᠭᠠᠷᠠᠵᠤ ᠠᠮᠢᠳᠤᠷᠠᠬᠤ ᠬᠣᠷᠸ᠎ᠠ ᠮᠣᠩᠭᠣᠯ

   ᠦᠰᠦᠭ ᠠᠮᠢᠯᠠᠭᠤᠯᠤᠭᠴᠢ᠄ ᠴᠡᠴᠡᠭ
   ᠦᠰᠦᠭ ᠬᠠᠲᠠᠭᠴᠢ᠄ ᠴᠡᠴᠡᠭ
   ᠬᠢᠨᠠᠭᠴᠢ ᠪᠠᠭᠰᠢ᠄ ᠣᠳᠬᠠᠨᠰᠤ᠎ᠠ