ᠭᠤᠷᠪᠠᠨ ᠲᠣᠷᠣᠢ -ᠮᠠᠮᠤᠤ -Гурван торой
ᠭᠤᠷᠪᠠᠨ ᠲᠣᠷᠣᠢ
ᠡᠷᠲᠡ ᠤᠷᠢᠳᠤ ᠶ᠋ᠢᠨ ᠴᠠᠭ ᠲᠦ ᠠᠬ᠎ᠠ ᠳᠡᠭᠦᠦ ᠭᠤᠷᠪᠠᠨ ᠲᠣᠷᠤᠢ ᠠᠮᠢᠳᠤᠷᠠᠳᠠᠭ ᠪᠠᠢᠵᠠᠢ᠃ ᠭᠤᠷᠪᠠᠭᠤᠯᠠ ᠪᠠᠨ ᠠᠳᠠᠯᠢᠬᠠᠨ ᠶᠠᠭᠠᠬᠠᠨ ᠢᠨᠢᠶᠡᠳᠦ ᠲᠡᠢ ᠮᠤᠰᠬᠢᠷᠠᠭᠰᠠᠨ ᠰᠡᠭᠦᠯ ᠲᠡᠢ ᠠᠵᠢ᠃ ᠲᠤᠷᠤᠢ ᠨᠤᠭᠤᠳ ᠦ᠋ᠨ ᠨᠡᠷ᠎ᠡ ᠶ᠋ᠢ ᠨᠢᠫ ᠨᠢᠫ᠂ ᠨᠤᠫ ᠨᠤᠫ᠂ ᠨᠠᠫ ᠨᠠᠫ ᠭᠡᠳᠡᠭ ᠪᠠᠢᠵᠠᠢ᠃ ᠲᠡᠭᠡᠭᠡᠳ ᠵᠤᠨᠵᠢᠨ ᠢ᠋ᠶ᠋ᠠᠨ ᠡᠪᠡᠰᠦᠨ ᠳᠡᠭᠡᠷ᠎ᠡ ᠥᠩᠬᠦᠷᠢᠯᠳᠦᠨ ᠨᠠᠷᠠᠨ ᠳ᠋ᠤ᠌ ᠪᠡᠶ᠎ᠡ ᠪᠡᠨ ᠡᠭᠡᠭᠡᠵᠦ ᠬᠡᠪᠲᠡᠳᠡᠭ ᠪᠠᠢᠪᠠ᠃ ᠭᠡᠪᠡᠴᠦ ᠬᠦᠢᠲᠡᠨ ᠨᠠᠮᠤᠷ ᠬᠦᠷᠦᠭᠡᠳ ᠢᠷᠡᠯ᠎ᠡ᠃ 《ᠣᠳᠣ ᠡᠪᠦᠯ ᠦ᠋ᠨ ᠲᠤᠬᠠᠢ ᠪᠣᠳᠤᠬᠤ ᠴᠠᠭ ᠪᠣᠯᠤᠭᠰᠠᠨ ᠪᠠᠢᠨ᠎ᠠ᠂ ᠳᠤᠯᠠᠭᠠᠬᠠᠨ ᠪᠠᠢᠰᠢᠩ ᠪᠠᠷᠢᠭᠠᠳ ᠪᠦᠭᠦᠳᠡᠭᠡᠷ ᠢ᠋ᠶ᠋ᠡᠨ ᠲᠡᠨᠳᠡ ᠪᠡᠨ ᠬᠠᠮᠲᠤ ᠳ᠋ᠤ᠌ ᠪᠠᠨ ᠠᠮᠢᠳᠤᠷᠠᠶ᠎ᠠ》ᠭᠡᠵᠦ ᠨᠠᠫ ᠨᠠᠫ ᠬᠡᠯᠡᠪᠡ᠃
— ᠲᠡᠭᠡᠲᠡᠯ᠎ᠡ《 ᠦ᠂ ᠦᠭᠡᠢ ᠰᠢᠦ︾ᠭᠡᠵᠦ ᠨᠢᠫ ᠨᠢᠫ᠂ ᠨᠤᠫ ᠨᠤᠫ ᠬᠣᠶᠠᠷ ᠠᠭᠤᠷᠯᠠᠯ᠎ᠠ᠃ 《ᠡᠪᠦᠯ ᠪᠣᠯᠲᠠᠯ᠎ᠠ ᠬᠠᠮᠢᠭ᠎ᠠ ᠴᠤ᠌ ᠪᠠᠢᠭᠰᠠᠨ ᠶᠤᠮ᠂ ᠠᠮᠵᠢᠨ᠎ᠠ ᠰᠢᠲᠠ》ᠭᠡᠬᠦ ᠳ᠋ᠦ᠍ ᠨᠢ
—《ᠬᠦᠰᠡᠭᠰᠡᠨ ᠢ᠋ᠶ᠋ᠡᠷ ᠢ᠋ᠶ᠋ᠡᠨ ᠪᠣᠯ ᠳ᠋ᠠ ᠂ ᠲᠡᠭᠡᠪᠡᠯ ᠪᠢ ᠥᠪᠡᠷ ᠢ᠋ᠶ᠋ᠡᠨ ᠥᠪᠡᠷᠲᠡᠭᠡᠨ ᠪᠠᠢᠰᠢᠩ ᠪᠠᠷᠢᠵᠤ ᠡᠬᠢᠯᠡᠯ᠎ᠡ》ᠭᠡᠵᠦ ᠨᠠᠫ ᠨᠠᠫ ᠲᠡᠳᠡᠨ ᠳ᠋ᠦ᠍ ᠬᠡᠯᠡᠵᠡᠢ ᠭᠡᠨ᠎ᠡ᠃
ᠬᠠᠷᠢᠨ ᠨᠢᠫ ᠨᠢᠫ᠂ ᠨᠤᠫ ᠨᠤᠫ ᠬᠣᠶᠠᠷ ᠤᠷᠢᠳ ᠦ᠋ᠨ ᠠᠳᠠᠯᠢ ᠡᠷᠬᠡᠯᠡᠯᠳᠦᠨ ᠨᠠᠭᠠᠳᠤᠭᠰᠠᠭᠠᠷ ᠯᠠ ᠪᠠᠢᠯ᠎ᠠ᠃ ᠢᠩᠭᠢᠭᠡᠳ ᠵᠠᠮ ᠦ᠋ᠨ ᠬᠠᠵᠠᠭᠤ ᠶ᠋ᠢᠨ ᠲᠣᠮᠣ ᠤᠰᠤᠨ ᠱᠠᠯᠪᠠᠭ ᠢ᠋ ᠬᠥᠯᠳᠡᠵᠦ ᠡᠬᠢᠯᠡᠬᠦ ᠳ᠋ᠦ᠍ ᠠᠬ᠎ᠠ ᠳᠡᠭᠦᠦ ᠬᠣᠶᠠᠷ ᠠᠵᠢᠯ ᠳ᠋ᠤ᠌ ᠪᠠᠨ ᠤᠷᠤᠵᠠᠢ᠃ ᠨᠤᠫ ᠨᠤᠫ ᠥᠪᠡᠷᠲᠡᠭᠡᠨ ᠰᠦᠷᠡᠯ ᠢ᠋ᠶ᠋ᠡᠷ ᠬᠤᠷᠳᠣᠬᠠᠨ ᠰᠢᠭ᠋ ᠪᠠᠢᠰᠢᠩ ᠪᠠᠷᠢᠴᠢᠬᠠᠪᠠ᠃ ᠨᠢᠫ ᠨᠢᠫ ᠴᠦ᠍ ᠪᠠᠰᠠ ᠥᠪᠡᠷᠲᠡᠭᠡᠨ ᠪᠠᠢᠰᠢᠩ ᠪᠠᠷᠢᠬᠤ ᠪᠠᠷ ᠰᠢᠢᠳᠴᠡᠢ ᠭᠡᠨ᠎ᠡ᠃ ᠰᠦᠷᠡᠯ ᠢ᠋ᠶ᠋ᠡᠷ ᠪᠢᠰᠢ ᠬᠠᠷᠢᠨ ᠮᠥᠴᠢᠷ ᠢ᠋ᠶ᠋ᠡᠷ ᠂ ᠤᠷᠤᠢ ᠢᠷᠡᠬᠦ ᠳ᠋ᠦ᠍ ᠪᠠᠢᠰᠢᠩ ᠨᠤᠭᠤᠳ ᠨᠢ ᠪᠡᠯᠡᠨ ᠪᠣᠯᠴᠢᠬᠠᠭᠰᠠᠨ ᠪᠠᠢᠯ᠎ᠠ᠃ 《ᠨᠠᠫ ᠨᠠᠫ ᠳᠡᠭᠡᠷ᠎ᠡ ᠣᠴᠢᠵᠠᠭᠠᠶ᠎ᠠ》ᠭᠡᠵᠦ ᠨᠤᠫ ᠨᠤᠫ ᠰᠠᠨᠠᠯ ᠭᠠᠷᠭᠠᠪᠠ᠃ 《ᠲᠡᠭᠦᠨ ᠦ᠌ ᠪᠠᠷᠢᠭᠰᠠᠨ ᠪᠠᠢᠰᠢᠩ ᠶᠠᠮᠠᠷ ᠪᠣᠯᠤᠭᠰᠠᠨ ᠪᠣᠯ᠂ ᠶᠡᠬᠡ ᠰᠣᠨᠢᠷᠬᠠᠯᠲᠠᠢ ᠪᠠᠢᠨ᠎ᠠ》᠃ ᠬᠠᠷᠢᠨ ᠨᠠᠫ ᠨᠠᠫ ᠶᠠᠭᠠᠷᠠᠯ ᠦᠭᠡᠢ ᠪᠡᠷ ᠴᠢᠯᠠᠭᠤ ᠪᠠᠷ ᠪᠠᠲᠤ ᠪᠡᠬᠢ ᠨᠠᠢᠳᠠᠪᠤᠷᠢᠲᠠᠢ ᠪᠠᠢᠰᠢᠩ ᠪᠠᠷᠢᠭᠰᠠᠨ ᠪᠠᠢᠯ᠎ᠠ᠃ ᠲᠡᠷᠡ ᠴᠢᠨᠣ᠎ᠠ ᠶ᠋ᠢ ᠤᠷᠤᠭᠤᠯᠬᠤ ᠦᠭᠡᠢ ᠶ᠋ᠢᠨ ᠲᠤᠯᠠᠳᠠ ᠵᠠᠮᠤᠭ ᠦ᠋ᠨ ᠲᠦᠭᠵᠢᠶ᠎ᠡ ᠲᠡᠢ ᠬᠦᠨᠳᠦ ᠬᠠᠭᠠᠯᠭ᠎ᠠ ᠬᠢᠭᠰᠡᠨ ᠪᠠᠢᠯ᠎ᠠ᠃ 《ᠲᠡᠭᠦᠨ ᠦ᠌ ᠴᠢᠨᠣ᠎ᠠ ᠠ᠋ᠴᠠ ᠬᠡᠴᠢᠨᠡᠭᠡᠨ ᠶᠡᠬᠡ ᠠᠶᠤᠳᠠᠭ ᠢ᠋ ᠬᠠᠷᠠᠭᠠᠴᠢ》ᠭᠡᠵᠦ ᠨᠢᠫ ᠨᠢᠫ ᠬᠡᠯᠡᠭᠡᠳ ᠠᠬ᠎ᠠ ᠳᠡᠭᠦᠦ ᠬᠣᠶᠠᠷ ᠨᠢ ᠱᠤᠤᠯᠠᠨ ᠬᠥᠬᠥᠷᠥᠯᠳᠦᠵᠦ ᠭᠡᠨ᠎ᠡ᠃ ᠲᠡᠳᠡ ᠮᠠᠰᠢ ᠶᠡᠬᠡ ᠴᠢᠮᠡᠭᠡ ᠱᠤᠤᠭᠢᠶᠠᠨ ᠭᠠᠷᠤᠭᠰᠠᠨ ᠲᠤᠯᠠ ᠨᠠᠷᠠᠰᠤᠨ ᠮᠣᠳᠣᠨ ᠳᠣᠣᠷ᠎ᠠ ᠤᠨᠲᠠᠵᠤ ᠪᠠᠢᠭᠰᠠᠨ ᠦᠯᠦᠰᠬᠦᠯᠡᠩ ᠴᠢᠨᠣ᠎ᠠ ᠰᠡᠷᠡᠴᠢᠬᠡᠵᠡᠢ᠃ 《ᠡᠨᠳᠡ ᠶᠠᠮᠠᠷ ᠭᠡᠭᠴᠢ ᠶ᠋ᠢᠨ ᠴᠢᠨᠣ᠎ᠠ ᠪᠠᠢᠬᠤᠪ ᠳ᠋ᠠ》ᠭᠡᠵᠦ ᠭᠠᠬᠠᠢ ᠶ᠋ᠢᠨ ᠲᠣᠷᠤᠢ ᠨᠤᠭᠤᠳ ᠬᠦᠭᠵᠢᠯᠳᠦᠵᠦ᠍ ᠪᠠᠢᠭᠰᠠᠨ ᠢ᠋ᠶ᠋ᠠᠨ ᠰᠢᠳᠦ ᠪᠡᠨ ᠢᠷᠵᠠᠢᠯᠭᠠᠨ ᠠᠮᠠ ᠪᠠᠨ ᠠᠩᠭᠠᠢᠭᠰᠠᠨ ᠵᠢᠩᠬᠢᠨᠢ ᠠᠮᠢᠳᠤ ᠴᠢᠨᠣ᠎ᠠ ᠲᠠᠢ ᠲᠤᠯᠭᠠᠷᠠᠪᠠ᠃ ᠲᠣᠷᠤᠢ ᠨᠤᠭᠤᠳ ᠠᠶᠤᠭᠰᠠᠨ ᠳ᠋ᠤ᠌ ᠪᠠᠨ ᠴᠢᠷᠠᠯᠠᠨ ᠵᠢᠭᠤᠲᠠᠯ᠎ᠠ᠃
— ᠨᠢᠫ ᠨᠢᠫ ᠥᠪᠡᠷ ᠦ᠋ᠨ ᠢ᠋ᠶ᠋ᠡᠨ ᠰᠦᠷᠡᠯ ᠦ᠋ᠨ ᠪᠠᠢᠰᠢᠩ ᠳ᠋ᠤ᠌ ᠲᠦᠷᠦᠭᠦᠯᠡᠨ ᠬᠦᠶᠦᠵᠦ ᠤᠷᠤᠭᠠᠳ ᠬᠠᠭᠠᠯᠭ᠎ᠠ ᠪᠠᠨ ᠬᠠᠭᠠᠪᠠ᠃ 《ᠠᠯᠢᠪ ᠬᠠᠭᠠᠯᠭ᠎ᠠ ᠪᠠᠨ ᠨᠡᠬᠡᠭᠡ !》ᠭᠡᠵᠦ ᠴᠢᠨᠣ᠎ᠠ ᠠᠷᠬᠢᠷᠠᠯᠠ᠃ 《ᠨᠡᠭᠡᠭᠡᠬᠦ ᠦᠭᠡᠢ》ᠭᠡᠵᠦ ᠨᠢᠫ ᠨᠢᠫ ᠬᠤᠷᠬᠢᠷᠠᠵᠠᠢ ᠭᠡᠨ᠎ᠡ᠃
— ᠲᠡᠭᠡᠬᠦ ᠪᠡᠷ ᠨᠢ ᠴᠢᠨᠣ᠎ᠠ ᠬᠠᠮᠤᠭ ᠬᠦᠴᠦ ᠪᠡᠷ ᠢ᠋ᠶ᠋ᠡᠨ ᠫᠦ᠋ ᠭᠡᠳ ᠦᠯᠢᠶᠡᠴᠢᠬᠡᠵᠡᠢ ᠭᠡᠨ᠎ᠡ᠃ ᠳᠡᠭᠡᠪᠦᠷ ᠦ᠋ᠨ ᠬᠢᠨᠢ ᠰᠦᠷᠡᠯ ᠬᠤᠭᠤᠯᠠᠷᠠᠵᠤ ᠬᠠᠨ᠎ᠠ ᠨᠢ ᠴᠡᠴᠡᠷᠡᠵᠦ ᠡᠬᠢᠯᠡᠯ᠎ᠡ᠃ ᠲᠡᠭᠡᠭᠡᠳ ᠪᠠᠢᠰᠢᠩ ᠨᠢ ᠨᠤᠷᠠᠴᠢᠬᠠᠵᠠᠢ ᠭᠡᠨ᠎ᠡ᠃
— ᠬᠠᠷᠢᠨ ᠨᠢᠫ ᠨᠢᠫ ᠵᠢᠭᠤᠲᠠᠨ᠂ ᠨᠤᠫ ᠨᠤᠫ ᠦ᠋ᠨ ᠪᠠᠢᠰᠢᠩ ᠳ᠋ᠤ᠌ ᠬᠦᠷᠴᠦ ᠢᠷᠡᠭᠡᠳ᠂ ᠲᠡᠭᠡᠭᠡᠳ ᠠᠬ᠎ᠠ ᠳᠡᠭᠦᠦ ᠬᠣᠶᠠᠷ ᠬᠠᠭᠠᠯᠭ᠎ᠠ ᠪᠠᠨ ᠲᠦᠭᠵᠢᠪᠡ ᠃ ᠴᠢᠨᠣ᠎ᠠ ᠲᠣᠷᠤᠢ ᠨᠤᠭᠤᠳ ᠢ᠋ ᠵᠠᠯᠢᠳᠠᠬᠤ ᠪᠠᠷ ᠰᠢᠢᠳᠴᠦ ᠂ ᠲᠡᠷᠡ ᠬᠣᠨᠢᠨ ᠠᠷᠠᠰᠤ ᠨᠦᠮᠦᠷᠦᠭᠡᠳ ᠬᠠᠭᠠᠯᠭ᠎ᠠ ᠶ᠋ᠢ ᠨᠢ ᠠᠶᠠᠷᠬᠠᠨ ᠲᠣᠭᠰᠢᠪᠠ᠃ 《ᠬᠡᠨ ᠪᠣᠢ?》ᠭᠡᠵᠦ ᠠᠶᠤᠭᠰᠠᠨ ᠲᠤᠷᠤᠢ ᠨᠤᠭᠤᠳ ᠠᠶᠤᠭ᠎ᠠ ᠦᠭᠡᠢ ᠳᠦᠷᠢ ᠡᠰᠬᠡᠪᠡ᠃ 《ᠥ᠂ ᠪᠢ ᠪᠢ᠂ ᠬᠦᠭᠡᠷᠦᠬᠦᠢ ᠵᠢᠵᠢᠭᠬᠡᠨ ᠬᠣᠨᠢ ᠪᠠᠢᠨ᠎ᠠ᠂ ᠪᠢ ᠲᠦᠭᠡᠷᠡᠴᠢᠬᠡᠯᠡ᠂ ᠨᠠᠮ᠎ᠠ ᠶ᠋ᠢ ᠬᠤᠨᠤᠭᠤᠯᠤᠭᠠᠴᠢ》ᠭᠡᠵᠦ ᠴᠢᠨᠣ᠎ᠠ ᠭᠢᠶᠡᠨᠡᠨ ᠬᠡᠯᠡᠪᠡ᠃ ᠦᠨᠡᠮᠰᠢᠭᠰᠡᠨ ᠲᠤᠷᠤᠢ ᠨᠤᠭᠤᠳ ᠬᠠᠭᠠᠯᠭ᠎ᠠ ᠪᠠᠨ ᠵᠢᠭᠠᠬᠠᠨ ᠨᠡᠭᠡᠭᠡᠲᠡᠯ᠎ᠡ ᠠᠶᠤᠮᠰᠢᠭ ᠲᠠᠢ ᠰᠢᠳᠦ ᠲᠡᠢ ᠲᠣᠮᠣ ᠠᠮᠠ ᠶ᠋ᠢ ᠣᠯᠵᠤ ᠬᠠᠷᠠᠯ᠎ᠠ᠃ ᠠᠬ᠎ᠠ ᠳᠡᠭᠦᠦ ᠬᠣᠶᠠᠭᠤᠯᠠ ᠬᠠᠭᠠᠯᠭ᠎ᠠ ᠪᠠᠨ ᠠᠷᠠᠢ ᠭᠡᠵᠦ ᠬᠠᠭᠠᠵᠤ ᠠᠮᠵᠢᠪᠠ᠃
— ᠴᠢᠨᠣ᠎ᠠ ᠮᠠᠰᠢ ᠶᠡᠬᠡ ᠠᠭᠤᠷᠯᠠᠨ ᠫᠦ᠋ ᠭᠡᠳ ᠦᠯᠢᠶᠡᠵᠦ ᠡᠬᠢᠯᠡᠯ᠎ᠡ᠃ ᠪᠠᠢᠰᠢᠩ ᠭᠠᠩᠬᠤᠵᠤ ᠪᠠᠢᠭᠰᠠᠨ ᠢ᠋ᠶ᠋ᠠᠨ ᠨᠤᠷᠠᠴᠢᠬᠠᠵᠠᠢ ᠭᠡᠨ᠎ᠡ᠃
— ᠲᠣᠷᠤᠢ ᠨᠤᠭᠤᠳ ᠨᠠᠫ ᠨᠠᠫ ᠦ᠋ᠨ ᠪᠠᠢᠰᠢᠩ ᠤᠷᠤᠭᠤ ᠭᠦᠶᠦᠴᠢᠬᠡᠯᠡ᠃ ᠨᠠᠫ ᠨᠠᠫ ᠲᠡᠳᠡᠨ ᠢ᠋ ᠪᠠᠢᠰᠢᠩ ᠳ᠋ᠤ᠌ ᠪᠠᠨ ᠤᠷᠤᠭᠤᠯᠤᠭᠠᠳ᠂ ᠬᠠᠭᠠᠯᠭ᠎ᠠ ᠪᠠᠨ ᠵᠠᠮᠤᠭ ᠦ᠋ᠨ ᠴᠤᠤᠵᠢ ᠪᠠᠷ ᠲᠦᠭᠵᠢᠪᠡ ᠃ ᠴᠢᠨᠣ᠎ᠠ ᠬᠠᠭᠠᠯᠭ᠎ᠠ ᠶ᠋ᠢ ᠲᠣᠭᠰᠢᠪᠠ᠃
— ᠲᠡᠭᠡᠬᠦ ᠳ᠋ᠦ᠍ ᠨᠢ ᠨᠠᠫ ᠨᠠᠫ ᠲᠠᠢᠪᠤᠩ ᠢ᠋ᠶ᠋ᠠᠷ ᠄《ᠬᠡᠨ ᠪᠣᠢ?》ᠭᠡᠵᠦ ᠠᠰᠠᠭᠤᠬᠤ ᠳ᠋ᠤ᠌᠂ 《ᠣᠳᠤᠬᠠᠨ ᠬᠠᠭᠠᠯᠭ᠎ᠠ ᠪᠠᠨ ᠨᠡᠬᠡᠭᠡ》ᠭᠡᠵᠦ ᠴᠢᠨᠣ᠎ᠠ ᠪᠦᠳᠦᠭᠦᠯᠢᠭ ᠢ᠋ᠶ᠋ᠡᠷ ᠪᠠᠷᠬᠢᠷᠠᠪᠠ᠃
— ᠬᠡᠩ᠂ ᠦᠭᠡᠢ ᠰᠢᠦ ᠭᠡᠬᠦ ᠳ᠋ᠦ᠍ ᠨᠢ ᠴᠢᠨᠣ᠎ᠠ ᠬᠠᠭᠠᠯᠭ᠎ᠠ ᠶ᠋ᠢ ᠬᠦᠴᠦᠲᠡᠢ ᠰᠡᠭᠰᠦᠴᠢᠵᠦ᠍ ᠡᠬᠢᠯᠡᠪᠡ᠃ ᠬᠠᠭᠠᠯᠭ᠎ᠠ ᠨᠢ ᠨᠡᠭᠡᠭᠡᠭᠳᠡᠭᠰᠡᠨ ᠦᠭᠡᠢ᠃ ᠴᠢᠨᠣ᠎ᠠ ᠠᠭᠠᠷ ᠢ᠋ ᠲᠣᠮᠣ ᠭᠡᠭᠴᠢ ᠨᠢ ᠰᠤᠷᠤᠭᠠᠳ ᠦᠯᠢᠶᠡᠪᠡ᠃ ᠭᠡᠪᠡᠴᠦ ᠪᠠᠢᠰᠢᠩ ᠪᠠᠢᠷᠢᠨ ᠠ᠋ᠴᠠ ᠪᠠᠨ ᠬᠥᠳᠡᠯᠦᠭᠰᠡᠨ ᠴᠦ᠍ ᠦᠭᠡᠢ᠃ ᠴᠢᠨᠣ᠎ᠠ ᠳᠡᠭᠡᠪᠦᠷ ᠳᠡᠭᠡᠷᠡᠬᠢ ᠲᠣᠮᠣ ᠶᠠᠨᠳᠦᠩ ᠢ᠋ ᠨᠢ ᠭᠡᠨᠡᠳᠲᠡ ᠣᠯᠵᠤ ᠬᠠᠷᠠᠭᠠᠳ《ᠠ ᠬᠠ》ᠭᠡᠵᠦ ᠪᠠᠶᠠᠷᠯᠠᠭᠠᠳ ᠮᠥᠯᠬᠥᠨ ᠣᠷᠤᠯ᠎ᠠ᠃ ᠭᠡᠪᠡᠴᠦ ᠤᠬᠠᠭᠠᠨᠲᠠᠢ ᠨᠠᠫ ᠨᠠᠫ ᠤᠰᠤ ᠪᠤᠴᠠᠯᠭᠠᠵᠤ ᠪᠠᠢᠭᠰᠠᠨ ᠲᠣᠭᠣᠭᠠᠨ ᠤ᠋ ᠪᠠᠨ ᠲᠠᠭ ᠢ᠋ ᠨᠢ ᠠᠪᠴᠢᠬᠠᠪᠠ᠃ ᠶᠠᠨᠳᠦᠩ ᠴᠡᠪᠡᠷᠯᠡᠭᠴᠢ ᠰᠢᠭ᠌ ᠬᠠᠷ᠎ᠠ ᠥᠩᠭᠡ ᠲᠡᠢ ᠴᠢᠨᠣ᠎ᠠ ᠪᠤᠴᠠᠯᠵᠤ ᠪᠣᠢ ᠣᠰᠤᠨ ᠳ᠋ᠤ᠌ ᠰᠢᠭᠤᠳ ᠤᠨᠠᠴᠢᠬᠠᠵᠠᠢ ᠭᠡᠨ᠎ᠡ᠃ ᠲᠦᠯᠡᠭᠳᠡᠭᠰᠡᠨ ᠴᠢᠨᠣ᠎ᠠ ᠵᠡᠷᠯᠢᠭ ᠢ᠋ᠶ᠋ᠡᠷ ᠤᠬᠢᠯᠠᠨ ᠳᠡᠭᠡᠪᠦᠷ ᠳᠡᠭᠡᠷ᠎ᠡ ᠪᠤᠴᠠᠵᠤ ᠭᠠᠷᠤᠭᠠᠳ ᠲᠡᠨᠳᠡ ᠠ᠋ᠴᠠ ᠪᠠᠨ ᠥᠩᠬᠥᠷᠢᠨ ᠪᠠᠭᠤᠭᠠᠳ ᠵᠢᠭᠤᠲᠠᠵᠠᠢ ᠭᠡᠨ᠎ᠡ᠃
—ᠭᠤᠷᠪᠠᠨ ᠲᠣᠷᠤᠢ ᠰᠠᠨᠠᠭ᠎ᠠ ᠮᠠᠭᠤᠲᠤ ᠴᠢᠨᠣ᠎ᠠ ᠶ᠋ᠢ ᠡᠢᠨ ᠬᠦ᠌ ᠬᠠᠰᠢᠷᠠᠭᠠᠭᠠᠳ᠂ ᠡᠪ ᠲᠡᠢ ᠨᠠᠢᠷ ᠲᠠᠢ ᠠᠮᠢᠳᠤᠷᠠᠵᠤ᠂ ᠠᠮᠤᠷ ᠰᠠᠢᠬᠠᠨ ᠳ᠋ᠤ᠌ ᠪᠠᠨ ᠵᠢᠷᠭᠠᠵᠠᠢ ᠭᠡᠨ᠎ᠡ᠃
ᠦᠰᠦᠭ ᠠᠮᠢᠯᠠᠭᠤᠯᠤᠭᠴᠢ ᠂ ᠬᠠᠲᠠᠭᠴᠢ ᠄ ᠾᠦᠩ ᠸᠧᠢ
ᠬᠢᠨᠠᠯᠲᠠ ᠄ ᠰᠡᠴᠡᠨᠴᠢᠮᠡᠭ᠂ ᠮᠤᠩᠭᠤᠯ ᠰᠦᠨᠡᠰᠦ᠃
