ᠭᠠᠯᠠᠭᠤ ᠮᠡᠯᠡᠬᠡᠢ ᠬᠣᠶᠠᠷГалуу мэлхий хоёр
ᠭᠠᠯᠠᠭᠤ ᠮᠡᠯᠡᠬᠡᠢ ᠬᠣᠶᠠᠷ
ᠡᠷᠲᠡ ᠤᠷᠢᠳᠤ ᠴᠠᠭ ᠲᠤ᠌ ᠨᠢᠭᠡᠨ ᠨᠠᠭᠤᠷ ᠲᠤ᠌ ᠬᠡᠳᠦᠨ ᠭᠠᠯᠠᠭᠤ ᠮᠡᠯᠡᠬᠡᠢ ᠶ᠋ᠢᠨ ᠬᠠᠮᠲᠤ ᠡᠪ ᠨᠠᠢᠷ ᠲᠠᠢ ᠰᠠᠢᠬᠠᠨ ᠠᠮᠢᠳᠤᠷᠠᠵᠤ ᠪᠠᠢᠵᠠᠢ᠃
ᠬᠠᠮᠤᠭ ᠢ᠋ ᠪᠠᠶᠠᠰᠬᠠᠭᠴᠢ ᠬᠠᠪᠤᠷ᠂ ᠲᠡᠨᠢᠭᠦᠨ ᠳᠡᠯᠭᠡᠷ ᠵᠤᠨ ᠤ᠋ ᠴᠠᠭ ᠨᠢᠭᠡ ᠮᠡᠳᠡᠬᠦ ᠳ᠋ᠦ᠍ ᠥᠩᠭᠡᠷᠡᠵᠦ᠂ ᠠᠯᠲᠠᠨ ᠨᠠᠮᠤᠷ ᠠᠢᠯᠴᠢᠯᠠᠨ ᠢᠷᠡᠪᠡ᠂ ᠬᠢᠯᠭᠠᠨ᠎ᠠ ᠶ᠋ᠢᠨ ᠲᠣᠯᠣᠭᠠᠢ ᠪᠥᠬᠥᠯᠵᠡᠨ ᠰᠠᠯᠬᠢᠨ ᠤ᠋ ᠦᠵᠦᠭᠦᠷ ᠰᠢᠷᠦᠭᠦᠰᠦᠭᠡᠳ ᠤᠰᠤ ᠲᠣᠪ ᠲᠤᠩᠭᠠᠯᠠᠭ ᠪᠣᠯᠵᠠᠢ᠂ ᠭᠠᠯᠠᠭᠤᠨ ᠰᠥᠷᠦᠭ ᠴᠦ᠍ ᠡᠮᠦᠨ᠎ᠡ ᠵᠦᠭ ᠢ᠋ ᠵᠣᠷᠢᠨ ᠨᠡᠭᠦᠳᠡᠯᠯᠡᠬᠦ ᠪᠡᠷ ᠵᠡᠭᠡᠭᠡᠵᠦ ᠡᠬᠢᠯᠡᠪᠡᠢ᠃
ᠭᠡᠲᠡᠯ᠎ᠡ ᠨᠠᠭᠤᠷ ᠲᠣᠭᠣᠷᠢᠭᠰᠠᠨ ᠨᠠᠮᠤᠭ ᠪᠠᠯᠴᠢᠭ ᠲᠤ᠌ ᠨᠠᠰᠤᠨ ᠤ᠋ ᠲᠠᠨᠣᠭ ᠢ᠋ ᠪᠠᠷᠠᠬᠤ ᠥᠴᠦᠬᠡᠨ ᠮᠡᠯᠡᠬᠡᠢ ᠸᠠᠭ ᠸᠠᠭ ᠳᠤᠤᠭᠠᠷᠴᠤ᠂
ᠨᠠᠮᠤᠭ ᠪᠠᠯᠴᠢᠭ ᠤ᠋ᠨ ᠪᠤᠯᠠᠩᠭᠢᠷᠲᠤ ᠣᠰᠤᠨ᠎ᠠ
ᠨᠠᠭᠠᠰᠢ ᠴᠠᠭᠠᠱᠢ ᠳᠡᠪᠬᠡᠷᠦᠭᠰᠡᠭᠡᠷ
ᠨᠠᠰᠤ ᠶ᠋ᠢ ᠪᠠᠷᠠᠨ᠎ᠠ ᠭᠡᠳᠡᠭ ᠶᠠᠭᠤᠲᠠᠢ ᠤᠢᠲᠠᠢ
ᠴᠡᠯᠮᠡᠭ ᠣᠭᠲᠠᠷᠭᠤᠢ ᠶ᠋ᠢᠨ ᠠᠭᠤᠳᠠᠮ ᠳ᠋ᠤ᠌
ᠴᠡᠩᠭᠡᠨ ᠪᠡᠶᠡᠰᠦᠨ ᠨᠢᠰᠴᠦ ᠨᠢᠭᠡ ᠦᠵᠡᠬᠦ ᠰᠠᠨ
ᠴᠡᠩᠬᠡᠷ ᠲᠩᠷᠢ ᠪᠡᠷ ᠳᠡᠭᠦᠯᠢᠨ ᠣᠳᠬᠤ
ᠵᠢᠭᠦᠷᠲᠦ ᠲᠠ ᠨᠠᠷ ᠢ᠋ ᠬᠠᠷᠠᠭᠠᠳ
ᠪᠤᠷᠴᠠᠭ ᠤ᠋ᠨ ᠵᠢᠷᠦᠬᠡ ᠮᠢᠨᠢ ᠪᠤᠯᠭᠢᠯᠠᠵᠤ ᠪᠠᠢᠨ᠎ᠠ
ᠭᠡᠮᠡᠨ ᠣᠷᠢᠯᠠᠵᠤ ᠭᠠᠷᠴᠤ ᠭᠡᠨ᠎ᠡ᠃
ᠭᠡᠲᠡᠯ᠎ᠡ ᠣᠯᠠᠨ ᠭᠠᠯᠠᠭᠤᠨ ᠤ᠋ ᠳᠤᠮᠳᠠ ᠠ᠋ᠴᠠ ᠨᠢᠭᠡ ᠨᠢ᠂
— ᠠᠷᠢᠶᠠᠲᠠᠨ ᠵᠢᠭᠦᠷᠲᠡᠨ ᠠᠯᠢᠨ ᠪᠣᠯᠪᠠᠴᠤ ᠠᠮᠢᠲᠠᠨ ᠤ᠋ ᠠᠢᠮᠠᠭ ᠤ᠋ᠨ ᠨᠢᠭᠡᠨ ᠪᠦᠯᠢ ᠶ᠋ᠢᠨ ᠬᠢᠨ ᠪᠢᠯᠡ᠂ ᠤᠢᠳᠬᠠᠷᠲᠤ ᠡᠨᠡ ᠮᠡᠯᠡᠬᠡᠢ ᠶ᠋ᠢ ᠤᠷᠮᠠᠰᠢᠭᠤᠯᠤᠨ ᠶᠠᠭᠤᠮ᠎ᠠ ᠦᠵᠡᠭᠦᠯᠵᠦ ᠨᠢᠳᠦ ᠲᠠᠢᠯᠤᠭᠤᠯᠪᠠᠯ ᠶᠠᠮᠠᠷ ᠪᠣᠢ ᠭᠡᠵᠦ ᠬᠡᠯᠡᠭᠰᠡᠨ ᠢ᠋ᠶ᠋ᠡᠨ᠂
— ᠬᠠᠷᠢᠨ ᠶᠠᠭᠠᠬᠢᠵᠤ ᠠᠪᠴᠤ ᠨᠢᠰᠬᠦ ᠪᠣᠢ ᠭᠡᠮᠡᠨ ᠭᠠᠭ ᠭᠤᠭ ᠳᠤᠤᠭᠠᠷᠤᠯ᠎ᠠ᠃
ᠲᠡᠢᠨ ᠬᠦ᠌ ᠭᠠᠯᠠᠭᠤ ᠨᠤᠭᠤᠳ ᠴᠤᠭᠯᠠᠨ ᠨᠠᠮᠤᠭ ᠤ᠋ᠨ ᠮᠡᠯᠡᠬᠡᠢ ᠶ᠋ᠢ ᠨᠢᠰᠬᠡᠬᠦ ᠬᠥᠭᠰᠡᠭᠦᠯᠬᠦ ᠠᠷᠭ᠎ᠠ ᠶ᠋ᠢ ᠬᠡᠯᠡᠯᠴᠡᠪᠡ᠂ ᠨᠢᠭᠡᠨ ᠭᠠᠯᠠᠭᠤ ᠪᠤᠷᠭᠠᠰᠤᠨ ᠤ᠋ ᠮᠥᠴᠢᠷ ᠠᠪᠴᠢᠷᠠᠭᠠᠳ ᠡᠭᠦᠨ ᠢ᠋ ᠵᠠᠭᠤᠯᠭᠠᠵᠤ ᠨᠢᠰᠦᠶ᠎ᠡ ᠭᠡᠵᠦ ᠭᠡᠨ᠎ᠡ᠃
ᠲᠡᠭᠡᠭᠡᠳ ᠬᠣᠶᠠᠷ ᠬᠦᠴᠦᠷᠬᠡᠭ ᠭᠠᠯᠠᠭᠤ ᠠᠮᠠᠨ ᠳ᠋ᠤ᠌ ᠪᠠᠨ ᠪᠤᠷᠭᠠᠰᠤᠨ ᠤ᠋ ᠮᠥᠴᠢᠷ ᠲᠠᠰᠤ ᠵᠠᠭᠤᠭᠠᠳ᠂ ᠮᠥᠨᠥᠬᠢ ᠮᠡᠯᠡᠬᠡᠢ ᠶ᠋ᠢ ᠳᠤᠮᠳᠠ ᠪᠠᠨ ᠬᠢᠭᠡᠳ ᠳᠠᠮᠨᠠᠨ ᠨᠢᠰᠴᠦ ᠣᠳᠪᠠᠢ᠃
ᠮᠡᠯᠡᠬᠡᠢ ᠳᠡᠪᠬᠡᠷᠴᠦ ᠳᠡᠭᠳᠡᠵᠦ ᠶᠠᠪᠤᠭᠰᠠᠨ ᠨᠠᠭᠤᠷ ᠢ᠋ᠶ᠋ᠠᠨ ᠳᠡᠭᠡᠷ᠎ᠡ ᠡᠴᠡ ᠬᠠᠷᠠᠵᠤ᠂ ᠳᠣᠣᠷ᠎ᠠ ᠨᠣᠭᠣᠭᠠᠷᠠᠭᠴᠢ ᠨᠣᠮᠢᠨ ᠨᠣᠭᠣᠭᠠᠨ ᠭᠠᠵᠠᠷ᠂ ᠳᠡᠭᠡᠷ᠎ᠡ ᠬᠥᠬᠡᠷᠡᠭᠴᠢ ᠲᠩᠷᠢ᠂ ᠮᠤᠰᠬᠢᠷᠠᠨ ᠬᠥᠪᠦᠯᠵᠡᠭᠴᠢ ᠡᠭᠦᠯᠡᠰ ᠢ᠋ ᠬᠠᠷᠠᠭᠰᠠᠭᠠᠷ ᠪᠠᠬᠠᠳᠤᠭᠰᠠᠭᠠᠷ ᠠᠵᠤᠭᠤ᠂ ᠪᠠᠰᠠ ᠣᠮᠣᠭ ᠰᠦᠷ ᠨᠢ ᠪᠠᠳᠠᠷᠠᠵᠤ ᠠᠭᠤᠰᠬᠢ ᠵᠢᠷᠦᠬᠡ ᠨᠢ ᠰᠠᠭᠰᠠᠢᠭᠠᠳ᠂
— ᠪᠢ ᠪᠠᠰᠠ ᠮᠤᠨᠳᠠᠭ ᠮᠡᠯᠡᠬᠡᠢ ᠶᠦ᠍ᠮ ᠠ᠋᠂ ᠵᠢᠭᠦᠷ ᠦᠭᠡᠢ ᠠᠲᠠᠯ᠎ᠠ ᠪᠠᠨ ᠵᠡᠯᠡᠯᠡᠨ ᠨᠢᠰᠦᠭᠰᠡᠨ ᠰᠢᠪᠠᠭᠤᠳ ᠤ᠋ᠨ ᠮᠠᠩᠯᠠᠢ ᠳ᠋ᠤ᠌ ᠨᠢᠰᠴᠦ ᠶᠠᠪᠤᠬᠤ ᠶᠤᠮ᠂ ᠬᠦᠴᠦᠯᠡᠨ ᠬᠥᠬᠡ ᠲᠩᠷᠢ ᠪᠡᠷ ᠬᠦᠰᠡᠭᠰᠡᠨ ᠢ᠋ᠶ᠋ᠡᠷ ᠢ᠋ᠶ᠋ᠡᠨ ᠳᠡᠭᠦᠯᠢᠵᠦ ᠶᠠᠪᠤᠨ᠎ᠠ ᠰᠢᠦ ᠳᠡ ᠭᠡᠵᠦ ᠪᠣᠳᠣᠵᠤ ᠶᠠᠪᠤᠯ᠎ᠠ᠃
ᠲᠡᠭᠡᠲᠡᠯ᠎ᠡ ᠭᠠᠯᠠᠭᠤᠨ ᠴᠤᠪᠤᠭ᠎ᠠ ᠬᠣᠲᠠ ᠠᠢᠯ ᠤ᠋ᠨ ᠳᠡᠭᠡᠭᠦᠷ ᠵᠡᠯᠡᠯᠡᠭᠡᠳ ᠨᠢᠰᠦᠭᠡᠳ ᠥᠩᠭᠡᠷᠡᠪᠡ᠂ ᠬᠡᠦᠬᠡᠳ ᠰᠢᠤᠬᠠᠳ ᠬᠥᠮᠦᠨ ᠠᠮᠢᠲᠠᠨ ᠲᠡᠳᠡᠨ ᠢ᠋ ᠬᠠᠷᠠᠭᠠᠳ᠂
— ᠬᠠᠷᠠᠭᠠᠴᠢ᠂ ᠲᠠ ᠮᠢᠨᠢ᠂ ᠲᠡᠷᠡ ᠮᠡᠯᠡᠬᠡᠢ ᠨᠢᠰᠴᠦ ᠶᠠᠪᠤᠨ᠎ᠠ᠃
— ᠲᠡᠷᠡ ᠬᠣᠶᠠᠷ ᠭᠠᠯᠠᠭᠤ ᠨᠠᠮᠤᠭ ᠤ᠋ᠨ ᠮᠡᠯᠡᠬᠡᠢ ᠶ᠋ᠢ ᠳᠤᠮᠳᠠ ᠪᠠᠨ ᠲᠡᠩᠨᠡᠭᠡᠳ ᠨᠢᠰᠴᠦ ᠶᠠᠪᠤᠨ᠎ᠠ᠃
— ᠶᠠᠮᠠᠷ ᠤᠷᠠᠨ ᠠᠷᠭ᠎ᠠ ᠲᠠᠢ᠂ ᠶᠠᠮᠠᠷ ᠤᠬᠠᠭᠠᠨ ᠲᠠᠢ ᠭᠠᠯᠠᠭᠤ ᠨᠤᠭᠤᠳ ᠪᠣᠢ ᠭᠡᠮᠡᠨ ᠱᠠᠭᠰᠢᠨ
ᠱᠤᠤᠭᠢᠶᠠᠨ ᠪᠣᠯᠵᠤ᠂ ᠪᠠᠭᠠᠴᠤᠤᠯ ᠨᠢ ᠪᠦᠷ ᠳᠠᠭᠠᠭᠠᠳ ᠭᠦᠶᠦᠵᠦ ᠭᠠᠷᠴᠤ ᠭᠡᠨ᠎ᠡ᠃
ᠭᠡᠲᠡᠯ᠎ᠡ ᠮᠡᠯᠡᠬᠡᠢ ᠪᠡᠶ᠎ᠡ ᠪᠡᠨ ᠭᠠᠢᠬᠠᠭᠤᠯᠤᠨ᠎ᠠ ᠸᠠᠭ ᠸᠠᠭ ᠳᠤᠤᠭᠠᠷᠤᠮᠠᠷ᠂ ᠪᠠᠬᠠᠨ ᠣᠩᠭᠢᠷᠠᠮᠠᠷ ᠰᠠᠨᠠᠭᠳᠠᠭᠠᠳ ᠪᠣᠯᠳᠠᠭ ᠦᠭᠡᠢ᠂ ᠪᠦᠷ ᠲᠡᠰᠴᠦ ᠴᠢᠳᠠᠳᠠᠭ ᠦᠭᠡᠢ ᠳᠡ᠂《ᠡᠨᠡ ᠠᠷᠭ᠎ᠠ ᠶ᠋ᠢ ᠪᠢ ᠯᠡ ᠰᠡᠳᠦᠭᠰᠡᠨ᠂ ᠡᠷ᠎ᠡ ᠪᠡᠶ᠎ᠡ ᠶ᠋ᠢᠨ ᠮᠢᠨᠢ ᠤᠬᠠᠭᠠᠨ ᠴᠢᠳᠠᠯ ᠡᠨᠡ》ᠭᠡᠵᠦ ᠭᠠᠢᠬᠠᠭᠤᠯᠤᠮᠠᠷ ᠰᠠᠨᠠᠭᠳᠠᠭᠠᠳ ᠰᠠᠷᠪᠠᠭᠠᠨᠠᠭᠠᠳ ᠤᠨᠠᠵᠢ᠃
ᠲᠡᠭᠡᠭᠰᠡᠨ ᠢ᠋ᠶ᠋ᠡᠨ《ᠪᠢ᠁ ᠪᠢ᠁ ᠮᠢᠨᠦ᠁》 ᠭᠡᠳ ᠠᠮᠠ ᠪᠠᠨ ᠠᠩᠭᠠᠢᠯᠭᠠᠭᠠᠳ ᠤᠷᠭᠢᠲᠠᠯᠠ ᠵᠠᠭᠤᠵᠤ ᠶᠠᠪᠤᠭᠰᠠᠨ ᠪᠤᠷᠭᠠᠰᠤᠨ ᠤ᠋ ᠮᠥᠴᠢᠷ ᠨᠢ ᠮᠤᠯᠲᠤ ᠦᠰᠦᠷᠦᠭᠡᠳ ᠲᠡᠷᠡ ᠳᠡᠭᠡᠷ᠎ᠡ ᠡᠴᠡ ᠳᠡᠰ ᠬᠢᠭᠡᠳ ᠭᠠᠵᠠᠷ ᠤᠨᠠᠵᠠᠢ᠂ ᠣᠩᠭᠢᠷᠠᠭᠠᠨ ᠵᠠᠩ ᠠ᠋ᠴᠠ ᠪᠠᠨ ᠪᠣᠯᠵᠤ ᠣᠯᠠᠨ ᠨᠥᠬᠥᠳ ᠦ᠋ᠨ ᠢ᠋ᠶ᠋ᠡᠨ ᠡᠯᠡᠭ ᠳᠣᠭᠣᠭᠢ ᠪᠣᠯᠪᠠ᠂ ᠣᠯᠠᠨ ᠭᠠᠵᠠᠷ ᠦᠵᠡᠵᠦ ᠨᠢᠳᠦ ᠲᠠᠢᠯᠳᠠᠭ ᠴᠤ᠌ ᠬᠥᠭ ᠥᠩᠭᠡᠷᠡᠪᠡ᠂ ᠬᠥᠭᠡᠷᠦᠬᠦᠢ᠁
ᠦᠰᠦᠭ ᠠᠮᠢᠯᠠᠭᠤᠯᠤᠭᠴᠢ᠄ ᠡᠷᠳᠡᠮᠲᠦ
ᠬᠢᠨᠠᠭᠴᠢ᠄ ᠵᠢᠩᠯᠢᠬᠤᠸᠠᠷ᠂ ᠠᠯᠲᠠᠨᠴᠢᠮᠡᠭ
