1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠪᠢᠶᠠᠲᠤ ᠪᠠᠭᠰᠢ ᠣᠳᠬᠠᠨᠰᠣ᠎ᠠ Гавьяат багш Отгонсоо-Чимэд,Уул

ᠭᠠᠪᠢᠶᠠᠲᠤ ᠪᠠᠭᠰᠢ ᠣᠳᠬᠠᠨᠰᠣ᠎ᠠ Гавьяат багш Отгонсоо-Чимэд,Уул

2025-04-11

6400

ᠭᠠᠪᠢᠶᠠᠲᠤ ᠪᠠᠭᠰᠢ ᠣᠳᠬᠠᠨᠰᠣ᠎ᠠ

   ᠵᠣᠬᠢᠶᠠᠭᠴᠢ᠄ ᠪᠠᠶᠠᠨ᠌ᠠᠠᠭᠤᠯᠠ 
   ᠤᠶᠠᠩᠭᠠᠯᠠᠭᠴᠢ᠄ ᠰᠠᠢᠬᠠᠨᠳᠠᠯᠠᠢ 

ᠮᠥᠩᠬᠡ ᠲᠩᠷᠢ ᠶ᠋ᠢᠨ ᠳᠣᠣᠷ᠎ᠠ 
ᠮᠣᠩᠭᠣᠯ ᠤ᠋ᠨ ᠪᠣᠰᠤᠭ᠎ᠠ ᠪᠢᠴᠢᠭ ᠢ᠋ 
ᠮᠤᠨᠢ ᠶ᠋ᠢᠨ ᠬᠥᠬᠡ ᠨᠢᠷᠤᠭᠤᠳ ᠰᠢᠭ᠋ 
ᠮᠥᠬᠥᠰᠢ ᠦᠭᠡᠢ ᠰᠦᠷᠯᠢᠭ ᠡᠷᠳᠡᠨᠢ ᠭᠡᠵᠦ 

ᠪᠠᠶᠠᠨᠨᠠᠭᠤᠷ ᠤ᠋ᠨ ᠬᠥᠷᠥᠰᠥᠨ ᠡᠴᠡ 
ᠪᠠᠭᠰᠢ ᠶ᠋ᠢᠨ ᠡᠷᠳᠡᠮ ᠢ᠋ᠶ᠋ᠡᠷ dᠳᠠᠮᠨᠠᠵᠤ᠂ 
ᠪᠠᠶᠠᠯᠢᠭ ᠰᠠᠢᠬᠠᠨ ᠮᠣᠩᠭᠣᠯ ᠬᠡᠯᠡ ᠪᠡᠨ 
ᠪᠠᠭᠠᠴᠤᠳ ᠬᠣᠢᠴᠢᠰ ᠲᠤ᠌ ᠪᠠᠨ ᠥᠪᠯᠡᠭᠦᠯᠦᠭᠰᠡᠨ ᠪᠢᠯᠡ᠃

ᠬᠤᠨ ᠶᠤ᠌ ᠴᠠᠭᠠᠨ ᠭᠠᠯᠠᠭᠤ ᠨᠢ
ᠬᠤᠯᠤᠰᠤᠲᠠᠢ ᠨᠠᠭᠤᠷ ᠲᠤ᠌ ᠪᠠᠨ ᠱᠤᠩᠪᠠᠯ᠎ᠠ᠂
ᠬᠠᠢᠷᠠᠲᠠᠢ ᠶᠤ᠌ ᠣᠳᠬᠠᠨᠰᠤ᠎ᠠ ᠪᠠᠭᠰᠢ ᠮᠢᠨᠢ
ᠬᠡᠢᠮᠣᠷᠢ ᠰᠦᠯᠵᠢᠶᠡᠨ ᠳ᠋ᠦ᠍ ᠪᠡᠨ ᠵᠣᠷᠴᠢᠯ᠎ᠠ᠃

ᠦᠷ ᠦ᠋ᠨ ᠭᠤᠷᠪᠠᠨ ᠴᠠᠭ ᠲᠤ᠌
ᠦᠵᠡᠭᠳᠡᠬᠦ ᠬᠥᠮᠦᠨ ᠨᠢ ᠦᠭᠡᠢ ᠴᠤ᠌
ᠦᠨᠡᠨ ᠵᠢᠳᠬᠦᠯᠳᠦ ᠪᠠᠭᠰᠢ ᠮᠢᠨᠢ
ᠦᠰᠦᠭ ᠢ᠋ᠶ᠋ᠡᠨ ᠥᠷᠥᠭᠰᠡᠭᠡᠷ ᠪᠠᠢᠳᠠᠭ ᠪᠢᠯᠡ᠃

ᠠᠴᠤᠭ ᠂ᠰᠢᠯᠪᠢ᠂ ᠳᠤᠰᠤᠯ ᠢ᠋
ᠠᠨᠳᠠᠨ᠎ᠠ ᠭᠡᠵᠦ ᠪᠠᠢᠬᠤ ᠦᠭᠡᠢ
ᠠᠷᠠᠭ᠎ᠠ ᠂ᠰᠢᠲᠦ ᠂ ᠴᠠᠴᠤᠯᠭ᠎ᠠ ᠶ᠋ᠢ
ᠠᠯᠳᠠᠨ᠎ᠠ ᠭᠡᠳᠡᠭ ᠢ᠋ ᠦᠵᠡᠭᠡ ᠦᠭᠡᠢ᠃

ᠠᠷᠪᠠᠨ ᠲᠦᠮᠡᠨ ᠦᠰᠦᠭ ᠢ᠋ ᠨᠢ
ᠠᠰᠯᠠᠭᠤᠯᠵᠤ ᠵᠡᠷᠭᠡᠴᠡᠭᠦᠯᠵᠦ ᠲᠠᠭᠠᠷᠠᠭᠤᠯᠤᠭᠰᠠᠨ
ᠪᠤᠮ ᠲᠦᠮᠡᠨ ᠦᠰᠦᠭ ᠦ᠋ᠨ ᠬᠢᠨᠢ
ᠪᠤᠷᠤᠭᠤ ᠵᠥᠪ ᠢ᠋ ᠢᠯᠭᠠᠭᠰᠠᠨ

ᠵᠢᠷᠠᠨ ᠲᠦᠮᠡᠨ ᠦᠰᠦᠭ ᠦ᠋ᠨ ᠬᠢᠨᠢ
ᠵᠢᠷᠤᠯᠭ᠎ᠠ ᠪᠦᠬᠦᠨ ᠢ᠋ ᠨᠢ ᠲᠡᠩᠴᠡᠭᠦᠯᠦᠭᠰᠡᠨ
ᠵᠠᠭᠤᠨ ᠲᠦᠮᠡᠨ ᠦᠰᠦᠭ ᠢ᠋ ᠨᠢ
ᠵᠣᠯᠠᠵᠤ ᠰᠢᠪᠡᠵᠦ ᠪᠢᠴᠢᠭᠰᠡᠨ

ᠨᠠᠷᠢᠨ ᠨᠣᠮ ᠤ᠋ᠨ ᠡᠷᠳᠡᠮ ᠳ᠋ᠦ᠍ ᠨᠢ
ᠨᠠᠰᠤᠨ ᠪᠠᠭ᠎ᠠ᠎ᠠ᠋ᠴᠠ ᠪᠠᠨ ᠴᠠᠭᠠᠷᠠᠭᠰᠠᠨ
ᠨᠠᠶᠠᠨ ᠲᠦᠮᠡᠨ ᠦᠰᠦᠭ ᠢ᠋ ᠨᠢ
ᠨᠢᠭᠲᠠ ᠨᠢᠮᠪᠠᠢ ᠬᠢᠨᠠᠭᠰᠠᠨ

ᠮᠠᠯᠴᠢᠨ ᠲᠠᠷᠢᠶᠠᠴᠢᠨ ᠲᠦᠮᠡᠨ ᠳ᠋ᠦ᠍ ᠪᠡᠨ
ᠮᠣᠩᠭᠣᠯ ᠪᠢᠴᠢᠭ ᠢ᠋ᠶ᠋ᠡᠨ ᠵᠢᠭᠠᠭᠰᠠᠨ
ᠮᠠᠳᠠᠭ ᠲᠠᠢ ᠣᠯᠠᠨ ᠠᠰᠠᠭᠤᠯᠲᠠ ᠶ᠋ᠢ
ᠮᠠᠰᠢ ᠬᠢᠨᠠᠮᠠᠭᠠᠢ ᠬᠠᠷᠢᠭᠤᠯᠤᠭᠰᠠᠨ

ᠪᠢᠴᠢᠭᠰᠡᠨ ᠦᠰᠦᠭ ᠨᠢ ᠲᠣᠭ᠎ᠠ ᠪᠠᠢᠬᠤ ᠦᠭᠡᠢ
ᠬᠢᠨᠠᠭᠰᠠᠨ ᠵᠠᠰᠠᠭᠰᠠᠨ ᠨᠢ ᠬᠡᠮᠵᠢᠶ᠎ᠡ ᠪᠠᠢᠬᠤ ᠦᠭᠡᠢ
ᠳᠡᠯᠡᠬᠡᠢ ᠳ᠋ᠦ᠍ ᠮᠠᠨᠳᠤᠭᠰᠠᠨ ᠬᠡᠢᠮᠣᠷᠢ ᠰᠦᠯᠵᠢᠶ᠎ᠡ ᠶ᠋ᠢᠨ
ᠳᠡᠪᠢᠰᠬᠡᠷ ᠰᠠᠭᠤᠷᠢ ᠶ᠋ᠢ ᠨᠢ ᠪᠠᠲᠤᠯᠠᠵᠤ ᠥᠭᠭᠦᠭᠰᠡᠨ

ᠳᠠᠩᠴᠤ ᠵᠢᠳᠬᠦᠯᠲᠡᠢ ᠪᠠᠭᠰᠢ ᠮᠢᠨᠢ
ᠳᠠᠯᠠᠨ ᠨᠠᠮᠤᠷ ᠤ᠋ᠨ ᠬᠢᠷᠠᠭᠤ ᠶ᠋ᠢ ᠦᠵᠡᠵᠡᠢ᠂
ᠳᠠᠪᠬᠤᠷ ᠬᠡᠰᠢᠭᠲᠦ ᠮᠣᠩᠭᠣᠯ ᠪᠢᠴᠢᠭ ᠲᠦ᠍ ᠪᠡᠨ
ᠳᠠᠯᠠᠨ ᠮᠣᠷᠢᠨ ᠤ᠋ ᠬᠦᠴᠦ ᠶ᠋ᠢ ᠡᠷᠭᠦᠵᠡᠢ᠃

ᠬᠠᠢᠷᠠᠲᠠᠢ ᠰᠣᠶᠣᠯ ᠮᠢᠨᠢ ᠬᠠᠵᠠᠢᠬᠤ ᠪᠣᠯᠤᠭᠤᠵᠠᠢ
ᠬᠠᠷᠢ ᠶ᠋ᠢᠨ ᠨᠣᠮ ᠳ᠋ᠤ᠌ ᠬᠠᠢᠯᠬᠤ ᠪᠣᠯᠤᠭᠤᠵᠠᠢ
ᠬᠣᠵᠢᠮ ᠤ᠋ᠨ ᠦᠷᠡᠰ ᠮᠢᠨᠢ ᠬᠥᠨᠳᠡᠢᠷᠡᠬᠦ ᠪᠣᠯᠤᠭᠤᠵᠠᠢ ᠭᠡᠮᠡᠨ
ᠬᠠᠮᠤᠭ ᠬᠦᠴᠦ ᠪᠡᠨ ᠰᠢᠪᠬᠠᠵᠤ ᠴᠢᠷᠮᠠᠢᠵᠠᠢ᠃

ᠴᠠᠭᠠᠰᠤᠨ ᠳ᠋ᠤ᠌ ᠮᠥᠷ ᠲᠡᠢ ᠪᠢᠴᠢᠭ ᠢ᠋
ᠴᠠᠬᠢᠮ ᠬᠠᠭᠤᠳᠠᠰᠤᠨ ᠳ᠋ᠤ᠌ ᠠᠮᠢᠯᠠᠭᠤᠯᠤᠭᠰᠠᠨ
ᠴᠠᠭ ᠴᠠᠭ ᠤ᠋ᠨ ᠬᠦᠷᠳᠦᠨ ᠳ᠋ᠦ᠍
ᠴᠠᠭᠯᠠᠰᠢ ᠦᠭᠡᠢ ᠡᠷᠳᠡᠮ ᠢ᠋ᠶ᠋ᠡᠨ ᠪᠠᠳᠠᠷᠠᠭᠤᠯᠤᠭᠰᠠᠨ

ᠴᠠᠬᠢᠯᠭᠠᠨ ᠲᠠᠷᠢᠬᠢ ᠂ ᠺᠣᠮᠫᠢᠦ᠋ᠲ᠋ᠧᠷ
ᠴᠠᠬᠢᠮ ᠬᠠᠷᠢᠯᠴᠠᠭᠤᠷ ᠭᠠᠷ ᠤᠲᠠᠰᠤ ᠪᠠᠷ
ᠴᠢᠪ ᠴᠢᠮᠡᠭᠡ ᠦᠭᠡᠢ ᠪᠢᠴᠢᠵᠦ ᠯᠡ ᠪᠠᠢᠳᠠᠭ
ᠴᠢᠮᠡᠭᠡ ᠭᠠᠷᠭᠠᠭᠠᠳ ᠶᠠᠷᠢᠵᠤ ᠴᠤ᠌ ᠴᠢᠳᠠᠳᠠᠭ ᠠ᠋!

ᠦᠵᠦᠭ ᠨᠣᠮ ᠲᠠᠢ ᠪᠠᠨ ᠨᠣᠴᠣᠯᠳᠤᠭᠰᠠᠭᠠᠷ
ᠦᠷ ᠴᠠᠢᠯᠭᠠᠳᠠᠭ ᠡᠵᠢ ᠮᠢᠨᠢ
ᠦᠨᠡᠨ ᠵᠢᠷᠦᠬᠡᠨ ᠦ᠌ ᠬᠠᠢᠷ᠎ᠠ ᠪᠠᠨ
ᠥᠷᠯᠥᠭ ᠮᠣᠩᠭᠣᠯ ᠳ᠋ᠤ᠌ ᠪᠠᠨ ᠥᠭᠴᠡᠢ᠃

ᠦᠰᠦᠭ ᠦᠰᠦᠭ ᠭᠡᠭᠰᠡᠭᠡᠷ
ᠦᠰᠦ ᠨᠢ ᠪᠤᠭᠤᠷᠤᠯᠳᠠᠭᠰᠠᠨ ᠠᠴᠢᠲᠠᠨ ᠮᠢᠨᠢ
ᠪᠢᠴᠢᠭ ᠪᠢᠴᠢᠭ ᠭᠡᠭᠰᠡᠭᠡᠷ
ᠪᠡᠶ᠎ᠡ ᠪᠡᠨ ᠵᠦᠳᠡᠭᠡᠭᠰᠡᠨ ᠨᠠᠰᠤᠲᠠᠨ ᠮᠢᠨᠢ

ᠠᠭᠤᠤ ᠰᠣᠶᠣᠯ ᠤ᠋ᠨ ᠢ᠋ᠶ᠋ᠠᠨ ᠲᠥᠯᠥᠭᠡ
ᠠᠭᠰᠢᠷᠠᠭ᠎ᠠ ᠪᠡᠶ᠎ᠡ ᠪᠡᠨ ᠵᠣᠷᠢᠭᠤᠯᠳᠠᠭ᠂
ᠠᠴᠢᠲᠠᠨ ᠭᠡᠵᠦ ᠪᠠᠢᠳᠠᠭ ᠶᠤᠮ
ᠠᠪᠤᠷᠠᠯᠲᠠᠨ ᠭᠡᠵᠦ ᠣᠯᠳᠠᠳᠠᠭ ᠶᠤᠮ᠃

ᠡᠨᠡ ᠬᠥᠮᠦᠨ ᠪᠣᠯ ᠣᠳᠬᠠᠨᠰᠤ᠎ᠠ ᠪᠠᠭᠰᠢ ᠠ᠋!
ᠡᠷᠡᠰ ᠬᠠᠲᠠᠭᠤ ᠮᠣᠩᠭᠣᠯ ᠬᠥᠮᠦᠨ
ᠡᠷᠳᠡᠮ ᠲᠡᠭᠦᠰ ᠬᠢᠨᠠᠭᠴᠢ ᠬᠥᠮᠦᠨ
ᠡᠷᠬᠢᠮ ᠳᠡᠭᠡᠳᠦ ᠪᠠᠭᠰᠢ ᠬᠥᠮᠦᠨ ᠠ᠋!

  ᠦᠰᠦᠭ ᠠᠮᠢᠯᠠᠭᠤᠯᠤᠭᠴᠢ᠄ ᠪᠠᠶᠠᠨ᠌ᠠᠠᠭᠤᠯᠠ
  ᠦᠰᠦᠭ ᠬᠠᠳᠠᠭᠴᠢ᠄ ᠨᠡᠷᠡᠨ᠎ᠡ
  ᠵᠢᠷᠤᠭ ᠳᠦᠷᠰᠦ ᠲᠣᠬᠢᠷᠠᠭᠤᠯᠤᠭᠴᠢ᠄ ᠨᠡᠷᠡᠨ᠎ᠡ
  ᠬᠢᠨᠠᠭᠴᠢ᠄ ᠬᠣᠨᠢᠴᠢᠨ ᠪᠦᠰᠡᠭᠦᠢ