ᠮᠣᠩᠭᠣᠯ ᠬᠤᠭᠤᠷ ᠤ᠋ᠨ ᠦᠯᠢᠭᠡᠷ ᠦᠨ ᠬᠡᠪᠰᠢᠭᠰᠡᠨ ᠬᠡᠯᠡᠯᠭᠡ – ᠷᠢᠨᠴᠢᠨᠳᠣᠷᠵᠢ᠂ᠬᠤᠪᠢᠲᠤ ᠨᠠᠢᠷᠠᠭᠤᠯᠪᠠ - ᠡᠬᠢᠯᠡᠯᠲᠡ᠂ ᠡᠭᠦᠰᠦᠯ-1 Монгол хуурын үлгэрийн хэвшсэн хэллэг – Ренчиндорж᠂Хувьт найруулав - Эхлэлт ᠂ үүсэл-1
ᠡᠬᠢᠯᠡᠯᠲᠡ᠂ᠡᠭᠦᠰᠦᠯ - ᠨᠢᠭᠡ
ᠭᠠᠵᠠᠷ ᠤ᠋ᠨ ᠬᠦᠢᠰᠦ ᠲᠢᠪ
ᠳᠡᠯᠡᠬᠡᠢ ᠶ᠋ᠢᠨ ᠵᠢᠷᠤᠭ
ᠮᠠᠨᠳᠤᠵᠤ ᠭᠠᠷᠬᠤ ᠳ᠋ᠤ᠌
ᠳᠡᠭᠡᠳᠦ ᠲᠡᠭᠷᠢ ᠶ᠋ᠢ
ᠳᠢ ᠬᠦᠩ ᠲᠢᠶᠠᠨ ᠢ᠋ᠶ᠋ᠠᠷ ᠨᠡᠷᠡᠢᠳᠦᠭᠡᠳ
ᠳᠥᠷᠪᠡᠨ ᠬᠣᠯᠠᠬᠢ ᠤᠯᠤᠰ
ᠡᠪᠡᠶᠡᠷᠬᠦᠦ ᠵᠠᠰᠠᠭ ᠲᠣᠭᠲᠠᠭᠠᠳ
ᠳᠡᠯᠡᠬᠡᠢ ᠳ᠋ᠠᠬᠢᠨ ᠢ᠋
ᠨᠡᠢᠭᠡᠮᠡᠯᠡᠭᠰᠡᠨ ᠢ᠋ ᠪᠣᠯᠪᠠᠯ
ᠳᠡᠭᠡᠳᠦ ᠭᠤᠷᠪᠠᠨ ᠬᠠᠭᠠᠨ ᠭᠡᠵᠦ
ᠬᠡᠯᠡᠳᠡᠭ ᠪᠣᠯᠪᠠᠴᠤ
ᠲᠡᠦᠬᠡ ᠲᠡᠦᠬᠡ ᠶ᠋ᠢᠨ ᠪᠠᠢᠳᠠᠯ
ᠠᠳᠠᠯᠢ ᠦᠭᠡᠢ ᠲᠤᠯᠠ
ᠡᠨᠡ ᠤᠳᠠᠭ᠎ᠠ ᠶ᠋ᠢᠨ
ᠡᠭᠦᠰᠬᠡᠬᠦ ᠦᠯᠢᠭᠡᠷ
ᠹᠧᠩ ᠱᠸᠨ ᠶᠠᠨ ᠶᠢ ᠬᠡᠮᠡᠬᠦ
ᠰᠠᠬᠢᠭᠤᠯᠰᠤᠨ ᠡᠷᠭᠦᠮᠵᠢᠯᠡᠭᠰᠡᠨ
ᠳᠦᠷᠢᠮ ᠦ᠋ᠨ ᠪᠢᠴᠢᠭ ᠭᠡᠳᠡᠭ
ᠰᠠᠶᠢ ᠡᠭᠦᠰᠬᠡᠵᠦ ᠬᠡᠯᠡᠬᠦ ᠤᠴᠢᠷ ᠠ᠋ —
(ᠠᠶ᠎ᠠ ᠰᠣᠯᠢᠬᠤ)
ᠲᠡᠦᠬᠡ ᠲᠡᠦᠬᠡ ᠭᠡᠳᠡᠭ ᠶᠠᠭᠤᠮ᠎ᠠ ᠴᠢᠨᠢ ᠳᠡ
ᠲᠦᠮᠡᠨ ᠣᠨ ᠤ᠋ ᠦᠵᠢᠷᠡᠭᠰᠡᠨ ᠱᠠᠰᠲᠢᠷ ᠯᠠ ᠪᠠᠢᠨ᠎ᠠ
ᠲᠦᠯᠬᠢᠭᠦᠦ ᠲᠠᠲᠠᠭᠤ ᠬᠡᠯᠡᠨ᠎ᠡ ᠭᠡᠳᠡᠭ ᠳᠡ
ᠲᠡᠦᠬᠡᠴᠢᠨ ᠬᠥᠮᠦᠨ ᠤ ᠡᠨᠳᠡᠭᠦᠦ ᠭᠡᠳᠡᠭ ᠪᠣᠯᠪᠠᠴᠤ
ᠲᠥᠷᠥ ᠲᠥᠷᠥ ᠳ᠋ᠦ᠍ᠨᠢ ᠳᠠᠭᠠᠭᠠᠳ ᠠᠯᠪᠠ ᠬᠢᠭᠰᠡᠨ ᠦᠭᠡᠢ ᠠᠵᠢ
ᠲᠦᠯᠬᠢᠭᠦᠦ ᠴᠦ᠍ ᠬᠡᠯᠡᠳᠡᠭ ᠡᠯᠪᠡᠭ ᠪᠠᠢᠳᠠᠭ ᠪᠠᠢᠨ᠎ᠠ᠃
ᠲᠡᠳᠦᠢ ᠡᠳᠦᠢ ᠠᠯᠳᠠᠴᠢᠬᠠᠪᠠᠴᠤ
ᠰᠣᠨᠣᠰᠤᠭᠴᠢ ᠣᠯᠠᠨ ᠮᠡᠷᠭᠡᠳ ᠦ᠋ᠨ
ᠵᠥᠪᠲᠦᠭᠡᠵᠦ ᠠᠪᠠᠴᠢᠬᠤ ᠶ᠋ᠢ ᠭᠤᠶᠤᠴᠢᠯᠠᠨ ᠪᠣᠢ ᠃
ᠦᠯᠢᠭᠡᠷ ᠦᠯᠢᠭᠡᠷ ᠭᠡᠳᠡᠭ ᠶᠠᠭᠤᠮ᠎ᠠ ᠴᠢᠨᠢ ᠳᠡ
ᠥᠩᠭᠡᠷᠡᠭᠰᠡᠨ ᠲᠦᠮᠡᠨ ᠣᠨ ᠤ᠋ ᠱᠠᠰᠲᠢᠷ ᠶᠤᠮ ᠪᠠᠢᠨ᠎ᠠ᠂
ᠡᠨᠳᠡᠭᠦᠦ ᠪᠤᠷᠤᠭᠤ ᠬᠡᠯᠡᠨ᠎ᠡ ᠭᠡᠳᠡᠭ ᠳᠡ
ᠬᠡᠯᠡᠬᠦ ᠬᠥᠮᠦᠨ ᠦ᠌ ᠬᠢᠨᠢ ᠲᠠᠰᠢᠶᠠᠨ ᠭᠡᠳᠡᠭ ᠪᠣᠯᠪᠠᠴᠤ
ᠡᠵᠡᠨ ᠡᠵᠡᠨ ᠢ᠋ ᠨᠢ ᠳᠠᠭᠠᠭᠠᠳ ᠠᠯᠪᠠ ᠬᠢᠭᠰᠡᠨ ᠦᠭᠡᠢ ᠠᠵᠢ
ᠡᠨᠳᠡᠭᠦᠦ ᠴᠦ᠍ ᠬᠡᠯᠡᠳᠡᠭ ᠡᠯᠳᠡᠭ ᠪᠠᠢᠳᠠᠭ ᠪᠠᠢᠨ᠎ᠠ
ᠠᠯᠳᠠᠯ ᠪᠤᠷᠤᠭᠤ ᠭᠠᠷᠴᠢᠬᠠᠪᠠᠴᠤ
ᠠᠯᠢ ᠣᠯᠠᠨ ᠮᠡᠷᠭᠡᠳ ᠦ᠋ᠨ
ᠠᠭᠤᠴᠢᠯᠠᠨ ᠠᠪᠠᠴᠢᠬᠤ ᠶ᠋ᠢ ᠭᠤᠶᠤᠴᠢᠯᠠᠬᠤ ᠪᠥᠯᠥᠭᠡ᠃
(ᠵᠠᠨ᠎ᠠ)
ᠬᠥᠩᠭᠡᠨ ᠠᠭᠠᠷ ᠣᠭᠲᠠᠷᠭᠤᠢ ᠳ᠋ᠤᠷ ᠳᠡᠭᠳᠡᠭᠡᠳ
ᠲᠥᠭᠥᠷᠢᠭ ᠰᠢᠭᠦᠷ ᠳᠡᠯᠭᠡᠭᠰᠡᠨ ᠠᠳᠠᠯᠢ ᠲᠡᠭᠷᠢ ᠭᠡᠵᠦ ᠲᠣᠭᠲᠠᠭᠠᠳ
ᠬᠦᠨᠳᠦ ᠪᠤᠯᠠᠩᠭᠢᠷ ᠳᠣᠷᠣᠭᠰᠢ ᠲᠣᠨᠣᠭᠠᠳ
ᠳᠦᠷᠢᠮᠲᠦ ᠰᠠᠪᠠ ᠵᠠᠰᠠᠭᠰᠠᠨ ᠠᠳᠠᠯᠢ ᠳᠡᠯᠡᠬᠡᠢ ᠭᠡᠵᠦ ᠲᠣᠭᠲᠠᠭᠠᠳ
ᠬᠥᠮᠦᠨ ᠦ᠌ ᠰᠡᠳᠬᠢᠯ ᠢ᠋ ᠵᠠᠰᠠᠰᠤᠭᠠᠢ ᠬᠡᠮᠡᠵᠦ
ᠬᠥᠮᠦᠨ ᠦ᠌ ᠬᠠᠭᠠᠨ ᠳᠡᠯᠡᠬᠡᠢ ᠶ᠋ᠢ ᠡᠵᠡᠯᠡᠭᠡᠳ
ᠬᠥᠬᠡ ᠣᠭᠲᠠᠷᠭᠤᠢ ᠰᠢᠷᠠᠪᠲᠤᠷ ᠥᠩᠭᠡ ᠶ᠋ᠢᠨ ᠳᠡᠯᠡᠬᠡᠢ
ᠬᠥᠮᠦᠨ ᠢ᠋ ᠥᠩᠭᠡᠷᠡᠭᠡᠭᠰᠡᠨ ᠮᠠᠰᠢ ᠡᠯᠪᠡᠭ ᠪᠠᠢᠨᠠᠮ᠃
ᠬᠥᠷᠥᠰᠥᠲᠦ ᠭᠠᠵᠠᠷ ᠪᠠ ᠤᠰᠤ ᠳᠡᠯᠡᠬᠡᠢ ᠶ᠋ᠢᠨ ᠳᠣᠣᠷ᠎ᠠ
ᠬᠥᠮᠦᠨ ᠦ᠌ ᠶᠠᠰᠤᠨ ᠳᠠᠷᠤᠭᠳᠠᠭᠰᠠᠨ ᠨᠢ ᠲᠤᠬ᠎ᠠ ᠠ᠋ᠴᠠ ᠬᠡᠲᠦᠷᠡᠭᠡᠳ
ᠬᠠᠭᠠᠳ ᠡᠵᠡᠳ ᠦ᠋ᠨ ᠲᠥᠷᠥ ᠵᠠᠰᠠᠭ
ᠬᠤᠪᠢᠷᠠᠨ ᠵᠠᠯᠭᠠᠭᠰᠠᠭᠠᠷ ᠬᠠᠷᠢᠨ ᠣᠳᠣ
×ᠤᠯᠤᠰ ᠤ᠋ᠨ ×ᠡᠵᠡᠨ ᠳᠡᠯᠡᠬᠡᠢ ᠶ᠋ᠢ ᠡᠵᠡᠯᠡᠭᠡᠳ
ᠬᠠᠮᠤᠭ ᠲᠥᠷᠥ ᠠᠭᠤᠯᠠ ᠤᠰᠤᠨ ᠢ᠋ ᠠᠯᠠᠭᠠᠨ ᠳ᠋ᠠᠭᠠᠨ ᠪᠠᠭᠴᠠᠯᠠᠪᠠᠢ᠃
ᠡᠮᠦᠨ᠎ᠡ ᠶ᠋ᠢ ᠲᠣᠭᠲᠠᠭᠠᠵᠤ ᠬᠣᠢᠲᠤ ᠶ᠋ᠢ ᠡᠪᠬᠡᠭᠡᠳ
ᠵᠡᠭᠦᠨ ᠢ᠋ ᠴᠢᠬᠡ ᠪᠣᠯᠭᠠᠵᠤ ᠪᠠᠷᠠᠭᠤᠨ ᠢ᠋ ᠪᠠᠢᠯᠳᠤᠭᠠᠳ
ᠴᠢᠬᠡ ᠪᠠᠷᠠᠭᠤᠨ ᠡᠲᠡᠭᠡᠳ ᠴᠢᠰᠤᠨ ᠵᠠᠮ ᠳ᠋ᠤᠷ ᠰᠢᠷᠭᠤᠵᠤ
ᠡᠳᠦᠷ ᠤᠳᠠᠭᠠᠨ ᠪᠠᠢᠯᠳᠤᠭᠰᠠᠨ
ᠣᠨ ᠲᠣᠭ᠎ᠠ ᠶ᠋ᠢ ᠬᠡᠯᠡᠪᠡᠯ ᠬᠣᠷᠢᠨ ᠣᠨ ᠦᠯᠡᠮᠵᠢ᠃
ᠪᠠᠷᠠᠭᠤᠨ ᠡᠲᠡᠭᠡᠳ ᠢ᠋ ᠲᠦᠪᠰᠢᠳᠬᠡᠭᠰᠡᠨ ᠦ᠌ ᠳᠠᠷᠠᠭ᠎ᠠ ᠳ᠋ᠤ᠌
ᠴᠠᠩ ᠠᠨ ᠬᠣᠲᠠ ᠶ᠋ᠢ ᠵᠣᠷᠢᠨ
ᠲᠥᠪ ᠲᠦᠷᠭᠡᠬᠡᠨ ᠡᠭᠡᠭᠰᠡᠨ ᠪᠠᠢᠨ᠎ᠠ᠃
(ᠡᠷᠳᠡᠨᠢᠵᠢᠷᠦᠬᠡ)
ᠦᠯᠢᠭᠡᠷ ᠦ᠋ᠨ ᠬᠢᠨᠢ ᠲᠣᠪᠴᠢᠶ᠎ᠠ
ᠡᠭᠦᠰᠬᠡᠵᠦ ᠬᠡᠯᠡᠬᠦ ᠶ᠋ᠢᠨ ᠤᠴᠢᠷ
ᠲᠡᠦᠬᠡ ᠶ᠋ᠢᠨ ᠬᠢᠨᠢ ᠲᠣᠪᠴᠢᠶ᠎ᠠ
ᠲᠡᠮᠳᠡᠭᠯᠡᠵᠦ ᠬᠡᠯᠡᠬᠦ ᠶ᠋ᠢᠨ ᠳᠠᠷᠠᠭ᠎ᠠ᠂
ᠠᠩᠬ᠎ᠠ ᠭᠠᠯᠠᠪ ᠲᠣᠭᠲᠠᠭᠰᠠᠨ ᠠ᠋ᠴᠠ
ᠠᠮᠠ ᠬᠡᠯᠡ ᠲᠡᠢ ᠪᠣᠯᠤᠭᠰᠠᠨ ᠠ᠋ᠴᠠ
ᠠᠮᠢᠲᠠᠨ ᠬᠥᠮᠦᠨ ᠦ᠌ ᠦᠯᠢᠭᠡᠷ ᠭᠡᠵᠦ
ᠠᠰᠢᠳᠠ ᠠᠷᠪᠢᠨ ᠳᠡᠯᠭᠡᠷᠡᠵᠦ
ᠠᠷᠠᠳ ᠣᠯᠠᠨ ᠤ᠋ ᠵᠣᠬᠢᠶᠠᠯ
ᠠᠷᠪᠠᠨ ᠵᠦᠭ ᠤᠯᠠᠮᠵᠢᠯᠠᠭᠳᠠᠪᠠ᠃
ᠠᠬᠤᠢ ᠨᠢᠭᠡᠨ ᠲᠣᠪᠴᠢᠶ᠎ᠠ ᠲᠠᠢ
ᠠᠪᠰᠠᠷ ᠣᠬᠣᠷ ᠦᠯᠢᠭᠡᠷ ᠴᠦ᠍ ᠪᠣᠢ᠂
ᠠᠯᠲᠠᠨ ᠲᠣᠪᠴᠢ ᠳ᠋ᠤ᠌ ᠳᠠᠷᠠᠭ᠎ᠠ ᠲᠠᠢ
ᠠᠷᠢᠭᠤᠨ ᠭᠡᠭᠡᠨ ᠱᠠᠰᠲᠢᠷ ᠴᠤ᠌ ᠪᠣᠢ᠂
ᠡᠪᠯᠡᠨ ᠰᠠᠢᠬᠠᠨ ᠵᠣᠬᠢᠶᠠᠭᠰᠠᠨ
ᠡᠯᠳᠡᠪ ᠰᠣᠨᠢᠨ ᠦᠯᠢᠭᠡᠷ ᠴᠦ᠍ ᠪᠣᠢ᠂
ᠡᠷᠳᠡᠨᠢ ᠶ᠋ᠢᠨ ᠲᠣᠪᠴᠢ ᠳ᠋ᠤ᠌ ᠳᠠᠷᠠᠭ᠎ᠠ ᠲᠠᠢ
ᠡᠷᠬᠢᠮ ᠦᠨᠡᠲᠦ ᠱᠠᠰᠲᠢᠷ ᠴᠤ᠌ ᠪᠣᠢ᠃
ᠤᠷᠢᠳᠤ ᠶ᠋ᠢᠨ ᠤᠯᠤᠰ ᠤ᠋ᠨ ᠦᠯᠢᠭᠡᠷ ᠡᠴᠡ
ᠤᠬᠠᠭᠠᠨ ᠮᠠᠭᠤ ᠳ᠋ᠠᠭᠠᠨ ᠰᠤᠷᠤᠭᠰᠠᠨ ᠦᠭᠡᠢ᠂
ᠣᠳᠣ ᠵᠢᠭᠡᠯᠡᠭᠡᠳ ᠬᠡᠯᠡᠶ᠎ᠡ ᠭᠡᠬᠦ ᠳ᠋ᠦ᠍
ᠤᠴᠢᠷ ᠢ᠋ ᠨᠢ ᠭᠦᠢᠴᠡᠭᠡᠬᠦ ᠨᠢ ᠬᠣᠪᠣᠷ ᠶᠤᠮ᠃
ᠡᠷᠲᠡᠨ ᠦ᠌ ᠤᠯᠤᠰ ᠤ᠋ᠨ ᠦᠯᠢᠭᠡᠷ ᠡᠴᠡ
ᠡᠷᠳᠡᠮ ᠦᠭᠡᠢ ᠳ᠋ᠡᠭᠡᠨ ᠰᠤᠷᠤᠭᠰᠠᠨ ᠦᠭᠡᠢ᠂
ᠡᠳᠦᠭᠡ ᠵᠢᠭᠡᠯᠡᠭᠡᠳ ᠬᠡᠯᠡᠶ᠎ᠡ ᠭᠡᠬᠦ ᠳ᠋ᠦ᠍
ᠢᠲᠡᠭᠡᠮᠵᠢ ᠪᠣᠯᠬᠤ ᠨᠢ ᠪᠡᠷᠬᠡ ᠶᠦᠮ᠃
ᠰᠢᠯᠭᠠᠷᠠᠵᠤ ᠭᠠᠷᠤᠭᠰᠠᠨ ᠬᠤᠭᠤᠷᠴᠢ ᠪᠣᠯ
ᠱᠠᠩ ᠤᠯᠤᠰ ᠠ᠋ᠴᠠ ᠬᠡᠯᠡᠳᠡᠭ ᠶᠦᠮ ᠂
ᠱᠠᠰᠲᠢᠷ ᠮᠡᠳᠡᠬᠦ ᠦᠭᠡᠢ ᠬᠤᠭᠤᠷᠴᠢ ᠪᠣᠯ
ᠱᠠᠯ ᠬᠤᠳᠠᠯ ᠢ᠋ᠶ᠋ᠠᠷ ᠬᠡᠯᠡᠳᠡᠭ ᠶᠦᠮ᠃
ᠥᠪᠡᠷ ᠢ᠋ᠶ᠋ᠡᠨ ᠪᠢᠴᠢᠭ ᠮᠡᠳᠡᠬᠦ ᠶᠦᠮ ᠪᠣᠯ
ᠦᠨᠡᠨ ᠭᠣᠣᠯ ᠢ᠋ ᠨᠢ ᠬᠡᠯᠡᠳᠡᠭ ᠶᠦᠮ᠂
ᠡᠯᠭᠦᠵᠦ ᠰᠤᠷᠤᠭᠰᠠᠨ ᠬᠤᠭᠤᠷᠴᠢ ᠪᠣᠯ
ᠡᠮᠦᠨ᠎ᠡ ᠬᠣᠢᠨ᠎ᠠ ᠦᠭᠡᠢ ᠶᠠᠷᠢᠳᠠᠭ ᠶᠤᠮ᠃
ᠳᠡᠪᠲᠡᠷ ᠨᠣᠮ ᠲᠠᠢ ᠬᠤᠭᠤᠷᠴᠢ ᠪᠣᠯ
ᠳᠡᠰ ᠳᠠᠷᠠᠭ᠎ᠠ ᠶ᠋ᠢ ᠨᠢ ᠮᠡᠳᠡᠳᠡᠭ ᠶᠦᠮ᠃
ᠳᠡᠪᠢᠵᠦ ᠰᠤᠷᠤᠭᠰᠠᠨ ᠬᠤᠭᠤᠷᠴᠢ ᠪᠣᠯ
ᠳᠡᠮᠡᠢ ᠪᠠᠯᠠᠢ ᠴᠠᠯᠴᠢᠳᠠᠭ ᠶᠤᠮ᠃
ᠬᠠᠭᠤᠴᠢᠨ ᠪᠢᠴᠢᠭ ᠢ᠋ ᠲᠠᠨᠢᠳᠠᠭ ᠪᠣᠯ
ᠬᠠᠨ ᠤᠯᠤᠰ ᠠ᠋ᠴᠠ ᠡᠬᠢᠯᠡᠳᠡᠭ ᠶᠦᠮ᠂
ᠬᠠᠭᠤᠳᠠᠮ ᠰᠤᠷᠤᠭᠰᠠᠨ ᠬᠤᠭᠤᠷᠴᠢ ᠪᠣᠯ
ᠬᠠᠭᠠᠰ ᠬᠤᠭᠤᠰ ᠢ᠋ᠶ᠋ᠠᠷ ᠬᠡᠯᠡᠳᠡᠭ ᠶᠦᠮ᠃
ᠳᠡᠪᠲᠡᠷ ᠦ᠋ᠨ ᠶᠣᠰᠣ ᠪᠠᠷ ᠬᠡᠯᠡᠳᠡᠭ ᠶᠦᠮ ᠪᠣᠯ
ᠳᠡᠭᠡᠳᠦ ᠲᠡᠭᠷᠢ ᠴᠦ᠍ ᠲᠠᠭᠠᠯᠠᠨ᠎ᠠ ᠳᠠ᠂
ᠳᠡᠭᠡᠷ᠎ᠡ ᠳᠣᠣᠷ᠎ᠠ ᠦᠭᠡᠢ ᠪᠣᠯᠭᠠᠪᠠᠯ
ᠲᠡᠰᠴᠦ ᠪᠣᠯᠬᠤ ᠦᠭᠡᠢ ᠢᠨᠢᠶᠡᠳᠦᠮ ᠳᠡ᠃
ᠦᠯᠢᠭᠡᠷ ᠦ᠋ᠨ ᠶᠣᠰᠣ ᠪᠠᠷ ᠬᠡᠯᠡᠬᠦ ᠶᠦᠮ ᠪᠣᠯ
ᠥᠷᠭᠡᠨ ᠣᠯᠠᠨ ᠴᠤ᠌ ᠲᠠᠭᠠᠯᠠᠨ᠎ᠠ ᠳᠠ᠂
ᠦᠵᠦᠭᠦᠷ ᠰᠡᠭᠦᠯ ᠦᠭᠡᠢ ᠪᠣᠯᠭᠠᠪᠠᠯ
ᠦᠬᠡᠷ ᠶᠠᠪᠠ ᠴᠤ᠌ ᠢᠨᠢᠶᠡᠨ᠎ᠡ ᠳᠡ᠃
ᠲᠡᠦᠬᠡ ᠰᠤᠳᠤᠷ ᠢ᠋ ᠮᠡᠬᠡᠯᠡᠪᠡᠯ
ᠲᠡᠭᠷᠢ ᠶ᠋ᠢᠨ ᠬᠢᠯᠢᠭ ᠬᠥᠩᠭᠡᠨ ᠦᠭᠡᠢ᠂
ᠲᠦᠮᠡᠨ ᠬᠤᠳᠠᠯ ᠢ᠋ᠶ᠋ᠠᠨ ᠮᠡᠳᠡᠭᠳᠡᠪᠡᠯ
ᠨᠢᠭᠤᠷ ᠢ᠋ᠶ᠋ᠠᠨ ᠪᠠᠷᠠᠬᠤ ᠨᠢ ᠴᠦ᠍ ᠰᠠᠢᠬᠠᠨ ᠦᠭᠡᠢ᠃
ᠤᠯᠤᠰ ᠤ᠋ᠨ ᠰᠤᠳᠤᠢ ᠶ᠋ᠢ ᠬᠥᠩᠭᠡᠯᠡᠪᠡᠯ
ᠣᠯᠠᠨ ᠤ᠋ ᠬᠢᠯᠢᠭ ᠴᠦ᠍ ᠬᠥᠩᠭᠡᠨ ᠦᠭᠡᠢ᠂
ᠣᠷᠣᠨ ᠲᠣᠷᠤᠨ ᠦᠭᠡᠢ ᠴᠠᠯᠴᠢᠪᠠᠯ
ᠨᠢᠭᠤᠷ ᠢ᠋ᠶ᠋ᠠᠨ ᠭᠡᠭᠡᠬᠦ ᠨᠢ ᠴᠦ᠍ ᠰᠠᠢᠬᠠᠨ ᠦᠭᠡᠢ᠃
ᠳᠠᠩ ᠰᠥᠩ ᠦ᠋ᠨ ᠦᠯᠢᠭᠡᠷ ᠢ᠋
ᠰᠣᠯᠢᠵᠤ ᠬᠡᠯᠡᠳᠡᠭ ᠬᠤᠭᠤᠷᠴᠢ ᠴᠣ ᠪᠣᠢ᠂
ᠲᠠᠭ ᠦᠭᠡᠢ ᠵᠦᠢᠯ ᠦ᠋ᠳ ᠢ᠋
ᠲᠠᠭᠠᠷᠠᠭᠤᠯᠵᠤ ᠬᠡᠯᠡᠳᠡᠭ ᠬᠤᠭᠤᠷᠴᠢ ᠴᠣ ᠪᠣᠢ᠂
ᠰᠥᠩ᠂ ᠳᠠᠩ ᠤ᠋ᠨ ᠦᠯᠢᠭᠡᠷ ᠢ᠋
ᠰᠣᠯᠢᠵᠤ ᠬᠡᠯᠡᠳᠡᠭ ᠬᠤᠭᠤᠷᠴᠢ ᠴᠤ᠌ ᠪᠣᠢ᠂
ᠰᠡᠳᠦᠪ ᠦᠭᠡᠢ ᠤᠴᠢᠷ ᠤ᠋ᠳ ᠢ᠋
ᠰᠡᠭᠦᠷᠡᠭᠦᠯᠵᠦ ᠬᠡᠯᠡᠳᠡᠭ ᠬᠤᠭᠤᠷᠴᠢ ᠴᠤ᠌ ᠪᠣᠢ᠃
ᠤᠷᠠᠯᠢᠭ ᠰᠠᠢᠬᠠᠨ ᠬᠡᠯᠡᠬᠦ ᠭᠡᠳ
ᠤᠬᠠᠭᠠᠨ ᠢ᠋ᠶ᠋ᠠᠨ ᠪᠠᠷᠠᠬᠤ ᠬᠤᠭᠤᠷᠴᠢ ᠪᠣᠢ᠂
ᠣᠯᠠᠨ ᠤ᠋ ᠰᠡᠳᠬᠢᠯ ᠢ᠋ ᠲᠠᠲᠠᠬᠤ ᠭᠡᠳ
ᠤᠷᠭᠢᠶ᠎ᠠ ᠱᠠᠯᠢᠭ ᠬᠤᠭᠤᠷᠴᠢ ᠴᠤ᠌ ᠪᠣᠢ᠂
ᠦᠯᠢᠭᠡᠷ ᠭᠡᠭᠴᠢ ᠣᠯᠠᠨ ᠴᠤ᠌ ᠶᠤᠮ
ᠦᠷᠭᠦᠯᠵᠢ ᠬᠡᠯᠡᠭᠡᠳ ᠪᠠᠷᠠᠬᠤ ᠪᠠᠷ ᠦᠭᠡᠢ᠂
ᠦᠨᠡᠨ ᠭᠣᠣᠯ ᠢ᠋ ᠨᠢ ᠲᠣᠪᠴᠢᠶᠠᠯᠠᠭᠠᠳ
ᠦᠷᠡᠵᠢᠭᠦᠯᠵᠦ ᠬᠡᠯᠡᠪᠡᠯ ᠰᠠᠢᠬᠠᠨ ᠶᠤᠮ᠃
ᠤᠷᠠᠯᠢᠭ ᠭᠡᠳᠡᠭ ᠤᠰᠤ ᠴᠠᠰᠤ
ᠤᠬᠤᠴᠢᠯᠠᠵᠤ ᠰᠤᠷᠤᠭᠠᠳ ᠪᠠᠷᠠᠬᠤ ᠦᠭᠡᠢ᠂
ᠤᠴᠢᠷ ᠵᠦᠢ ᠳ᠋ᠦ᠍ᠨᠢ ᠨᠡᠢᠴᠡᠭᠦᠯᠦᠭᠡᠳ
ᠤᠷᠠᠯᠠᠵᠤ ᠬᠡᠯᠡᠪᠡᠯ ᠰᠠᠢᠬᠠᠨ ᠶᠤᠮ᠃
ᠤᠯᠤᠰ ᠤᠯᠤᠰ ᠤ᠋ᠨ ᠳᠠᠷᠠᠭ᠎ᠠ ᠶ᠋ᠢ
ᠤᠷᠢᠲᠠᠢ ᠬᠣᠢᠲᠠᠢ ᠶᠠᠷᠢᠬᠤ ᠪᠠᠷ ᠢ᠋ᠶ᠋ᠠᠨ
ᠣᠯᠠᠨ ᠤ᠋ ᠬᠦᠰᠡᠭᠰᠡᠨ ᠦᠯᠢᠭᠡᠷ ᠢ᠋
ᠤᠷᠤᠰᠬᠠᠵᠤ ᠬᠡᠯᠡᠬᠦ ᠨᠢ ᠰᠣᠨᠣᠰᠪᠤᠷᠢ ᠲᠠᠢ ᠶᠤᠮ᠃
ᠲᠦᠩ ᠵᠢᠶᠠᠨ ᠭᠠᠩ ᠮᠦ᠍ ᠬᠡᠮᠡᠭᠡᠳ
ᠲᠥᠭᠡᠷᠢᠭᠦᠯᠵᠦ ᠬᠥᠮᠦᠨ ᠢ᠋ ᠴᠢᠯᠡᠭᠡᠬᠦ ᠪᠡᠷ
ᠲᠡᠮᠳᠡᠭᠯᠡᠵᠦ ᠰᠤᠷᠤᠭᠰᠠᠨ ᠦᠯᠢᠭᠡᠷ ᠢ᠋ᠶ᠋ᠡᠨ
ᠲᠥᠬᠥᠭᠡᠷᠡᠭᠦᠯᠵᠦ ᠬᠡᠯᠡᠪᠡᠯ ᠰᠣᠨᠣᠰᠪᠤᠷᠢ ᠲᠠᠢ ᠶᠤᠮ᠃
ᠮᠡᠳᠡᠬᠦ ᠦᠭᠡᠢ ᠪᠠᠢᠭᠠᠳ ᠮᠡᠷᠭᠡᠯᠡᠪᠡᠯ
ᠮᠡᠯᠡᠬᠡᠢ ᠴᠦ᠍ ᠭᠡᠰᠡᠨ ᠬᠠᠵᠠᠬᠤ ᠶᠤᠮ᠂
ᠮᠡᠳᠡᠳᠡᠭ ᠴᠢᠳᠠᠳᠠᠭ ᠢ᠋ᠶ᠋ᠠᠨ ᠶᠠᠷᠢᠬᠤ ᠶᠤᠮ ᠪᠣᠯ
ᠮᠡᠷᠭᠡᠳ ᠴᠦ᠍ ᠭᠡᠰᠡᠨ ᠳᠠᠭᠠᠯᠠᠬᠤ ᠶᠤᠮ᠃
ᠪᠦᠳᠦᠭᠦᠨ ᠨᠣᠶᠠᠨ ᠢ᠋ ᠵᠢᠭᠠᠭᠠᠳ
ᠪᠡᠶ᠎ᠡ ᠪᠡᠨ ᠡᠷᠭᠦᠪᠡᠯ ᠮᠠᠭᠤᠬᠠᠢ ᠶᠤᠮ ᠂
ᠪᠢ ᠭᠡᠮᠡᠨ ᠰᠡᠬᠦᠷᠡᠭᠦᠯᠦᠭᠡᠳ
ᠪᠤᠰᠤᠳ ᠢ᠋ ᠭᠣᠯᠣᠬᠤ ᠨᠢ ᠲᠡᠨᠡᠭ ᠶᠦᠮ᠃
ᠲᠠᠭᠠᠷᠠᠭᠰᠠᠨ ᠭᠠᠵᠠᠷ ᠠ᠋ᠴᠠ ᠰᠠᠯᠤᠮᠠᠭᠴᠠ
ᠨᠢᠭᠡᠨ ᠢ᠋ᠶ᠋ᠡᠨ ᠮᠠᠭᠤᠯᠠᠬᠤ ᠨᠢ ᠮᠠᠭᠤᠬᠠᠢ ᠶᠤᠮ᠂
ᠲᠠᠪᠤ ᠠᠷᠪᠠᠬᠠᠨ ᠦᠭᠡ ᠶ᠋ᠢ ᠪᠡᠨ
ᠮᠡᠷᠭᠡᠨ ᠳ᠋ᠦ᠍ ᠦᠵᠡᠬᠦ ᠨᠢ ᠠᠳᠠᠭ ᠶᠤᠮ᠃
ᠬᠦᠰᠡᠭᠰᠡᠨ ᠰᠠᠢᠬᠠᠨ ᠦᠯᠢᠭᠡᠷ ᠢ᠋ ᠴᠢᠨᠢ
ᠬᠦᠨᠳᠦᠲᠦ ᠲᠠᠨ ᠳ᠋ᠠᠭᠠᠨ ᠪᠠᠷᠢᠶ᠎ᠠ ᠪᠢ
ᠬᠡᠦᠬᠡᠳ ᠬᠣᠢᠴᠢᠰ ᠣᠯᠠᠨ ᠳ᠋ᠠᠭᠠᠨ
ᠤᠯᠠᠮᠵᠢ ᠪᠣᠯᠬᠤ ᠳ᠋ᠤ᠌ ᠵᠣᠷᠢᠭᠤᠯᠤᠶ᠎ᠠ ᠪᠢ᠃
(ᠴᠤᠢᠵᠢᠺᠠᠸᠠ)
ᠵᠠ ᠦᠯᠢᠭᠡᠷ ᠦ᠋ᠨ ᠤᠴᠢᠷ ᠢ᠋ ᠡᠭᠦᠰᠬᠡᠵᠦ ᠬᠡᠯᠡᠬᠦ ᠳᠠᠷᠠᠭ᠎ᠠ ᠳ᠋ᠤ᠌
ᠦᠨᠡᠨ ᠲᠡᠦᠬᠡ ᠶ᠋ᠢᠨ ᠬᠡᠷᠡᠭ ᠢ᠋ ᠦᠨᠳᠦᠰᠦᠯᠡᠵᠦ ᠶᠠᠷᠢᠬᠤ ᠪᠦᠯᠦᠭ ᠲᠦ᠍
ᠵᠢᠪᠠᠷ ᠨᠢ ᠬᠠᠮᠢᠭ᠎ᠠ ᠠ᠋ᠴᠠ ᠭᠠᠷᠤᠨ᠎ᠠ ᠭᠡᠪᠡᠯ
ᠵᠣᠪᠬᠢᠰᠲᠤ ᠲᠡᠭᠷᠢ ᠶ᠋ᠢᠨ ᠬᠢᠵᠠᠭᠠᠷ ᠠ᠋ᠴᠠ᠂
ᠵᠠᠯᠭᠠᠬᠤ ᠦᠯᠢᠭᠡᠷ ᠬᠠᠮᠢᠬ᠎ᠠ ᠠ᠋ᠴᠠ ᠭᠡᠪᠡᠯ
Ⅹ Ⅹ ᠤᠯᠤᠰ ᠠ᠋ᠴᠠ ᠂
ᠡᠭᠦᠯᠡ ᠨᠢ ᠬᠠᠮᠢᠭ᠎ᠠ ᠠ᠋ᠴᠠ ᠳᠡᠭᠳᠡᠨ᠎ᠡ ᠭᠡᠪᠡᠯ
ᠥᠨᠳᠥᠷ ᠲᠡᠭᠷᠢ ᠶ᠋ᠢᠨ ᠲᠠᠩᠨᠠᠢ ᠠ᠋ᠴᠠ ᠂
ᠦᠯᠢᠭᠡᠷ ᠨᠢ ᠬᠠᠮᠢᠭ᠎ᠠ ᠠ᠋ᠴᠠ ᠡᠭᠦᠰᠦᠨ᠎ᠡ ᠭᠡᠪᠡᠯ
ᠥᠩᠭᠡᠷᠡᠭᠰᠡᠨⅩ Ⅹ ᠤᠯᠤᠰ ᠠ᠋ᠴᠠ ᠂
ᠰᠠᠯᠬᠢᠨ ᠬᠠᠮᠢᠬ᠎ᠠ ᠠ᠋ᠴᠠ ᠭᠠᠷᠤᠨ᠎ᠠ ᠭᠡᠪᠡᠯ
ᠰᠠᠨᠰᠠᠷ ᠲᠡᠭᠷᠢ ᠶ᠋ᠢᠨ ᠬᠢᠵᠠᠭᠠᠷ ᠠ᠋ᠴᠠ ᠂
ᠱᠠᠰᠲᠢᠷ ᠬᠠᠮᠢᠭ᠎ᠠ ᠠ᠋ᠴᠠ ᠡᠭᠦᠰᠦᠨ᠎ᠡ ᠭᠡᠪᠡᠯ
ᠰᠠᠢᠬᠠᠨⅩ Ⅹ ᠤᠯᠤᠰ ᠠ᠋ᠴᠠ ᠂
ᠪᠣᠷᠣᠭᠠᠨ ᠬᠠᠮᠢᠭ᠎ᠠ ᠠ᠋ᠴᠠ ᠪᠠᠭᠤᠨ᠎ᠠ ᠭᠡᠪᠡᠯ
ᠪᠤᠳᠠᠩ ᠡᠭᠦᠯᠡ ᠬᠣᠶᠠᠷ ᠠ᠋ᠴᠠ ᠂
ᠪᠣᠳᠢ ᠬᠠᠮᠢᠭ᠎ᠠ ᠠ᠋ᠴᠠ ᠰᠡᠬᠦᠭᠳᠡᠨᠡ ᠭᠡᠪᠡᠯ
ᠪᠣᠳᠠᠲᠠᠢ Ⅹ Ⅹ ᠤᠯᠤᠰ ᠠ᠋ᠴᠠ ᠃
(ᠠᠶ᠎ᠠ ᠰᠣᠯᠢᠬᠤ)
ᠵᠢᠪᠠᠷ ᠰᠠᠯᠬᠢᠨ ᠦᠭᠡᠢ ᠶᠦᠮ ᠪᠣᠯ
ᠵᠢᠯᠠᠭᠠᠨ ᠡᠪᠡᠰᠦ ᠬᠡᠢᠰᠬᠦ ᠦᠭᠡᠢ ᠂
ᠵᠠᠪᠠᠯ ᠤᠴᠢᠷ ᠦᠭᠡᠢ ᠶᠦᠮ ᠪᠣᠯ
ᠵᠠᠯᠭᠠᠮᠵᠢ ᠲᠡᠦᠬᠡ ᠵᠣᠬᠢᠶᠠᠭᠳᠠᠬᠤ ᠦᠭᠡᠢ ᠃
ᠰᠠᠯᠬᠢᠨ ᠵᠢᠪᠠᠷ ᠭᠠᠷᠬᠤ ᠦᠭᠡᠢ ᠪᠣᠯ
ᠰᠠᠯᠠᠭ᠎ᠠ ᠨᠠᠮᠠᠭ᠎ᠠ ᠨᠠᠢᠭᠤᠯᠵᠠᠬᠤ ᠦᠭᠡᠢ ᠂
ᠰᠢᠯᠲᠠᠭᠠᠨ ᠤᠴᠢᠷ ᠡᠭᠦᠰᠬᠦ ᠦᠭᠡᠢ ᠪᠣᠯ
ᠱᠠᠰᠲᠢᠷ ᠲᠡᠦᠬᠡ ᠵᠣᠬᠢᠶᠠᠭᠳᠠᠬᠤ ᠦᠭᠡᠢ ᠃
ᠡᠭᠦᠯᠡ ᠮᠠᠨᠠᠨ ᠳᠡᠭᠳᠡᠬᠦ ᠦᠭᠡᠢ ᠪᠣᠯ
ᠦᠶᠡᠷ ᠪᠣᠷᠣᠭᠠᠨ ᠴᠢᠳᠬᠤᠯᠠᠬᠤ ᠦᠭᠡᠢ ᠂
ᠦᠨᠡᠬᠡᠷ ᠤᠴᠢᠷ ᠭᠠᠷᠬᠤ ᠦᠭᠡᠢ ᠪᠣᠯ
ᠦᠯᠢᠭᠡᠷ ᠳᠣᠮᠣᠭ ᠵᠣᠬᠢᠶᠠᠭᠳᠠᠬᠤ ᠦᠭᠡᠢ᠃
ᠤᠨᠢᠶᠠᠷ ᠬᠦᠳᠡᠩ ᠳᠡᠭᠳᠡᠬᠦ ᠦᠭᠡᠢ ᠪᠣᠯ
ᠤᠰᠤᠷᠬᠠᠭ ᠪᠣᠷᠣᠭᠠᠨ ᠣᠷᠣᠳᠠᠭ ᠦᠭᠡᠢ᠂
ᠤᠴᠢᠷ ᠶᠠᠪᠤᠳᠠᠯ ᠦᠭᠡᠢ ᠶᠦᠮ ᠪᠣᠯ
ᠤᠯᠤᠰ ᠤ᠋ᠨ ᠲᠡᠦᠬᠡ ᠵᠣᠬᠢᠶᠠᠭᠳᠠᠬᠤ ᠦᠭᠡᠢ᠃
ᠪᠤᠯᠠᠭ ᠨᠢ ᠳᠣᠣᠷ᠎ᠠ ᠠ᠋ᠴᠠ ᠪᠤᠷᠭᠢᠯᠵᠤ ᠭᠡᠮ
ᠪᠤᠷᠵᠢᠩ ᠦᠭᠡᠢ ᠤᠷᠤᠰᠤᠨ᠎ᠠ ᠤᠤ ᠳᠠ᠂
ᠪᠤᠢᠳᠤᠩ ᠬᠣᠷᠸ᠎ᠠ ①ᠶᠢᠷᠲᠢᠨᠴᠦ ᠭᠡᠮ
ᠪᠤᠳᠤᠯᠢᠶᠠᠨ ᠦᠭᠡᠢ ᠭᠡᠵᠦ ᠪᠠᠢᠨ᠎ᠠ ᠤᠤ ᠳᠠ᠃
ᠱᠠᠩᠳᠠ ᠨᠢ ᠳᠣᠣᠷ᠎ᠠ ᠠ᠋ᠴᠠ ᠣᠷᠭᠢᠯᠵᠤ ᠭᠡᠮ
ᠱᠠᠯᠪᠠᠭ ᠦᠭᠡᠢ ᠤᠷᠤᠰᠤᠨ᠎ᠠ ᠤᠤ ᠳᠠ᠂
ᠰᠢᠯᠲᠠᠭᠠᠨᠲᠤ ᠬᠣᠷᠸ᠎ᠠ ᠶᠢᠷᠲᠢᠨᠴᠦ ᠭᠡᠮ
ᠰᠠᠢᠨ ᠮᠠᠭᠤ ᠦᠭᠡᠢ ᠭᠡᠵᠦ ᠪᠠᠢᠨ᠎ᠠ ᠤᠤ ᠳᠠ᠃
ᠲᠥᠷᠥᠨ ᠲᠦᠷᠦᠭᠰᠡᠭᠡᠷ ᠮᠥᠩᠬᠡᠷᠡᠪᠡᠯ
ᠲᠢᠪ ᠶᠠᠭᠠᠬᠢᠵᠤ ᠪᠠᠭᠲᠠᠬᠤ ᠪᠣᠢ᠂
ᠲᠡᠮᠡᠴᠡᠯ ᠦᠭᠡᠢ ᠲᠦᠪᠰᠢᠨ ᠪᠣᠯ
ᠲᠡᠦᠬᠡ ᠶᠠᠭᠠᠬᠢᠵᠤ ᠦᠯᠡᠳᠡᠬᠦ ᠪᠣᠢ᠃
ᠭᠠᠷᠤᠨ ᠭᠠᠷᠤᠭᠰᠠᠭᠠᠷ ᠮᠥᠩᠬᠡᠷᠡᠪᠡᠯ
ᠭᠠᠯᠠᠪ ᠶᠠᠭᠠᠬᠢᠵᠤ ᠪᠠᠭᠲᠠᠬᠤ ᠪᠣᠢ᠂
ᠭᠠᠮᠰᠢᠭ ᠦᠭᠡᠢ ᠡᠩᠬᠡ ᠪᠣᠯ
ᠭᠠᠩ ᠮᠦ᠍ ᠶᠠᠭᠠᠬᠢᠵᠤ ᠦᠯᠡᠳᠡᠬᠦ ᠪᠣᠢ᠃
ᠵᠠ ᠂ ᠲᠡᠭᠡᠪᠡᠴᠦ ᠦᠯᠢᠭᠡᠷ ᠲᠦ᠍ ᠬᠡᠯᠡᠬᠦ
×× ᠤᠯᠤᠰ ᠤ᠋ᠨ ᠲᠥᠷᠥ ᠳ᠋ᠦ᠍ ᠪᠣᠯ ᠣᠳᠣ᠄
ᠮᠠᠨᠳᠤᠵᠤ ᠭᠠᠷᠬᠤ ᠨᠠᠷᠠᠨ
ᠮᠠᠨᠠᠨ ᠦᠭᠡᠢ ᠲᠤᠩᠭᠠᠯᠠᠭ ᠭᠡᠨ᠎ᠡ᠂
ᠮᠠᠰᠢᠳᠠ ᠲᠣᠭᠲᠠᠭᠰᠠᠨ ᠲᠥᠷᠥ ᠳ᠋ᠦ᠍ᠨᠢ
ᠮᠠᠭᠤ ᠢᠷᠣ᠎ᠠ ᠦᠭᠡᠢ ᠲᠦᠪᠰᠢᠨ ᠭᠡᠨ᠎ᠡ᠃
ᠤᠷᠭᠤᠵᠤ ᠭᠠᠷᠬᠤ ᠨᠠᠷᠠᠨ
ᠤᠨᠢᠶᠠᠷ ᠦᠭᠡᠢ ᠲᠤᠩᠭᠠᠯᠠᠭ ᠭᠡᠨ᠎ᠡ᠂
ᠤᠯᠤᠰ ᠣᠷᠣᠨ ᠲᠥᠷᠥ ᠳ᠋ᠦ᠍ᠨᠢ
ᠤᠷᠰᠢᠭ ᠢᠷᠣ᠎ᠠ ᠦᠭᠡᠢ ᠡᠩᠬᠡ ᠭᠡᠨ᠎ᠡ ᠃
ᠰᠠᠨᠰᠠᠷ ᠬᠥᠬᠡ ᠣᠭᠲᠠᠷᠭᠤᠢ ᠳ᠋ᠤᠨᠢ
ᠰᠠᠯᠬᠢᠨ ᠡᠭᠦᠯᠡ ᠦᠭᠡᠢ ᠲᠤᠩᠭᠠᠯᠠᠭ ᠭᠡᠨ᠎ᠡ ᠂
ᠰᠠᠪᠠ ᠶᠡᠬᠡ ᠭᠦᠷᠦᠨ ᠳ᠋ᠦ᠍ᠨᠢ
ᠰᠠᠮᠠᠭᠤᠨ ᠦᠭᠡᠢ ᠡᠩᠬᠡ ᠭᠡᠨ᠎ᠡ ᠃
ᠠᠭᠤᠳᠠᠮ ᠰᠠᠢᠬᠠᠨ ᠣᠷᠣᠨ ᠳ᠋ᠤᠨᠢ
ᠤᠨᠢᠶᠠᠷ ᠦᠭᠡᠢ ᠰᠠᠷᠠᠭᠤᠯ ᠭᠡᠨ᠎ᠡ ᠂
ᠤᠷᠲᠤ ᠤᠳᠠᠭᠠᠨ ᠲᠥᠷᠥ ᠳ᠋ᠦ᠍ᠨᠢ
ᠤᠷᠪᠠᠯᠭᠠᠨ ᠦᠭᠡᠢ ᠲᠦᠪᠰᠢᠨ ᠭᠡᠨ᠎ᠡ ᠃
ᠬᠠᠭᠲᠤᠭᠰᠠᠨ ᠵᠦᠭ ᠲᠦ᠍ ᠳᠠᠢᠰᠤᠨ ᠦᠭᠡᠢ
ᠬᠠᠰ ᠲᠠᠮᠠᠭᠠᠨ ᠳ᠋ᠤ᠌ ᠪᠤᠯᠢᠶᠠᠯᠳᠤᠭᠠᠨ ᠦᠭᠡᠢ
ᠡᠵᠡᠯᠡᠭᠰᠡᠨ ᠲᠥᠷᠥ ᠳ᠋ᠦ᠍ ᠦᠢᠮᠡᠭᠡᠨ ᠦᠭᠡᠢ
ᠡᠵᠡᠨ ᠲᠠᠮᠠᠭᠠᠨ ᠳ᠋ᠤ᠌ ᠪᠤᠯᠢᠶᠠᠯᠳᠤᠭᠠᠨ ᠦᠭᠡᠢ ᠃
ᠠᠭᠲᠠ ᠤᠨᠣᠬᠠ ᠮᠣᠷᠢᠳ ᠨᠢ
ᠠᠳᠤᠭᠤᠨ ᠳᠤᠮᠳᠠ ᠪᠠᠨ ᠲᠣᠭᠯᠠᠯᠳᠤᠨᠠ ᠂
ᠠᠯᠪᠠᠨ ᠬᠤᠶᠠᠭ ᠴᠡᠷᠢᠭ ᠵᠠᠩᠵᠤᠨ
ᠠᠯᠲᠠᠨ ᠲᠥᠷᠥ ᠳ᠋ᠡᠭᠡᠨ ᠵᠢᠷᠭᠠᠯᠴᠠᠨᠠ᠂
ᠠᠳᠬᠤᠨ ᠵᠡᠪᠰᠡᠭ ᠵᠡᠪᠡ ᠨᠤᠮᠤ
ᠠᠯᠮᠠᠰ ᠬᠤᠢ ᠳ᠋ᠠᠭᠠᠨ ᠵᠢᠪᠡᠷᠡᠯᠴᠡᠨᠡ᠂
ᠠᠷᠠᠳ ᠣᠯᠠᠨ ᠢᠷᠭᠡᠳ ᠨᠢ
ᠠᠯᠪᠠ ᠭᠠᠢᠯᠢ ᠦᠭᠡᠢ ᠪᠠᠶᠠᠷᠯᠠᠯᠴᠠᠨᠠ᠃
ᠤᠨᠤᠬᠠ ᠬᠦᠯᠦᠭ ᠮᠣᠷᠢᠳ ᠨᠢ
ᠤᠰᠤ ᠪᠡᠯᠴᠢᠭᠡᠷ ᠲᠡᠭᠡᠨ ᠲᠣᠭᠯᠠᠯᠳᠤᠨᠠ᠂
ᠤᠯᠤᠰ ᠤ᠋ᠨ ᠴᠡᠷᠢᠭ ᠵᠠᠩᠵᠤᠨ ᠨᠢ
ᠤᠳᠠᠭᠠᠨ ᠡᠳᠦᠷ ᠢ᠋ᠶ᠋ᠡᠷ ᠵᠢᠷᠭᠠᠯᠴᠠᠨᠠ᠃
ᠤᠷᠲᠤ ᠪᠣᠭᠣᠨᠢ ᠢᠯᠳᠦ ᠵᠢᠳᠠ
ᠣᠨᠢ ᠳᠡᠭᠡᠷ᠎ᠡ ᠪᠡᠨ ᠵᠢᠪᠠᠷᠯᠳᠤᠨᠡ᠂
ᠣᠯᠠᠨ ᠳᠠᠶᠠᠭᠠᠷ ᠢᠷᠭᠡᠳ ᠨᠢ
ᠤᠯᠠᠭ᠎ᠠ ᠠᠯᠪᠠ ᠦᠭᠡᠢ ᠪᠠᠶᠠᠰᠤᠯᠴᠠᠨ᠎ᠠ᠃
ᠬᠥᠯ ᠢ᠋ ᠬᠠᠳᠬᠤᠬᠤ ᠵᠠᠩᠭᠤᠤ ᠨᠤᠭᠤᠳ
ᠬᠥᠬᠡᠷᠡᠬᠦ ᠭᠡᠲᠡᠯ᠎ᠡ ᠪᠡᠨ ᠰᠢᠷᠠᠯᠠᠴᠢᠬᠠᠵᠠᠢ᠂
ᠬᠥᠮᠦᠨ ᠢ᠋ ᠬᠣᠣᠷᠯᠠᠬᠤ ᠵᠠᠯᠢᠬᠠᠢ ᠨᠤᠭᠤᠳ
ᠬᠡᠪᠡᠯᠢ ᠳᠣᠲᠣᠷ᠎ᠠ ᠪᠠᠨ ᠬᠠᠢᠯᠴᠢᠬᠠᠵᠠᠢ ᠃
ᠤᠯᠠ ᠶ᠋ᠢ ᠬᠠᠳᠬᠤᠬᠤ ᠵᠠᠩᠭᠤᠤ ᠨᠤᠭᠤᠳ
ᠤᠷᠭᠤᠬᠤ ᠭᠡᠲᠡᠯ᠎ᠡ ᠪᠡᠨ ᠬᠤᠪᠬᠠᠢᠷᠠᠴᠢᠬᠠᠵᠠᠢ ᠂
ᠤᠯᠤᠰ ᠢ᠋ ᠲᠦᠢᠳᠬᠦ ᠰᠠᠮᠠᠭᠤᠨ ᠨᠤᠭᠤᠳ
ᠤᠰᠤᠯᠠᠬᠤ ᠭᠡᠲᠡᠯ᠎ᠡ ᠪᠡᠨ ᠰᠥᠨᠦᠭᠡᠭᠳᠡᠴᠢᠬᠡᠵᠡᠢ᠃
ᠬᠦᠦ ᠲᠥᠷᠥᠪᠡᠯ ᠴᠠᠭᠠᠨ ᠬᠦᠦ
ᠬᠡᠪᠡᠯᠢ ᠡᠴᠡ ᠪᠡᠨ ᠡᠪᠡᠳᠴᠢᠨ ᠦᠭᠡᠢ᠂
ᠬᠡᠦᠬᠡᠨ ᠲᠥᠷᠥᠪᠡᠯ ᠦᠵᠡᠰᠬᠦᠯᠡᠩ
ᠬᠡᠪᠲᠡᠰᠢ ᠡᠴᠡ ᠪᠡᠨ ᠪᠤᠷᠲᠠᠭ ᠦᠭᠡᠢ ᠃
ᠦᠮᠡᠬᠡᠢ ᠭᠡᠰᠡᠨ ᠰᠢᠪᠠᠷ ᠠ᠋ᠴᠠ
ᠸᠧᠢ ᠬᠤᠸᠠ ᠴᠡᠴᠡᠭ ᠳᠡᠯᠭᠡᠷᠡᠴᠢᠬᠡᠵᠡᠢ ᠂
ᠦᠭᠡᠢᠭᠦᠦ ᠶᠠᠳᠠᠭᠤ ᠭᠡᠷ ᠡᠴᠡ
ᠡᠦ ᠮᠸᠨ ᠵᠤᠸᠠᠩ ᠶᠤᠸᠠᠨ ᠰᠢᠯᠭᠠᠭᠳᠠᠴᠢᠬᠠᠵᠠᠢ ᠃
ᠪᠠᠯᠴᠢᠭ ᠭᠡᠰᠡᠨ ᠰᠢᠪᠠᠷ ᠠ᠋ᠴᠠ
ᠪᠠᠳᠮ᠎ᠠ ᠯᠢᠩᠬᠤ᠎ᠠ ᠳᠡᠯᠭᠡᠷᠡᠴᠢᠬᠡᠵᠡᠢ ᠂
ᠪᠠᠭᠤᠷᠠᠢ ᠭᠡᠳᠡᠭ ᠠᠷᠠᠳ ᠠ᠋ᠴᠠ
ᠪᠠᠭᠠᠲᠤᠷ ᠵᠤᠸᠠᠩ ᠶᠤᠸᠠᠨ ᠰᠢᠯᠭᠠᠭᠳᠠᠴᠢᠬᠠᠵᠠᠢ ᠃
ᠰᠠᠭᠤᠵᠤ ᠪᠠᠢᠬᠤ ᠣᠷᠣᠨ ᠢ᠋ᠶ᠋ᠠᠷ ᠨᠢ
ᠰᠤᠩᠳᠤᠢ ᠶ᠋ᠢᠨ ᠬᠦᠷᠢᠶ᠎ᠡ ᠣᠷᠣᠰᠢᠴᠢᠬᠠᠵᠠᠢ ᠂
ᠰᠦᠷ ᠴᠢᠳᠠᠯ ᠪᠤᠶᠠᠨ ᠤ᠋ ᠬᠦᠴᠦ
ᠰᠤᠳᠠᠷᠠᠰᠤᠨᠠ ᠣᠷᠳᠣᠨ ᠳ᠋ᠤ᠌ ᠵᠠᠯᠭᠠᠴᠢᠬᠠᠵᠠᠢ ᠃
ᠨᠤᠲᠤᠭᠯᠠᠵᠤ ᠪᠦᠬᠦᠢ ᠭᠠᠵᠠᠷ ᠢ᠋ᠶ᠋ᠠᠷ ᠨᠢ
ᠨᠣᠮ ᠤ᠋ᠨ ᠬᠦᠷᠢᠶ᠎ᠡ ᠣᠷᠣᠰᠢᠴᠢᠬᠠᠵᠠᠢ ᠂
ᠨᠤᠲᠠ ᠴᠢᠳᠠᠯ ᠪᠠᠶᠠᠨ ᠪᠤᠶᠠᠨ
ᠨᠣᠮᠢᠨ ᠲᠡᠭᠷᠢ ᠡᠴᠡ ᠬᠡᠲᠦᠷᠡᠴᠢᠬᠡᠵᠡᠢ ᠃
ᠣᠪᠣᠭ᠎ᠠ ᠶ᠋ᠢ ᠨᠢ ᠲᠣᠭᠣᠷᠢᠭᠠᠳ
ᠦᠨᠡᠲᠦ ᠯᠢᠩ ᡁᠢ ᠣᠷᠭᠣᠴᠢᠬᠠᠵᠠᠢ ᠂
ᠦᠨᠢᠶᠡᠨ ᠦ᠌ ᠬᠢᠨᠢ ᠳᠣᠲᠣᠷ᠎ᠠ ᠠ᠋ᠴᠠ
ᠡᠪᠡᠷᠲᠦ ᠴᠢᠯᠢᠨ ② ᠲᠤᠭᠤᠯᠯᠠᠴᠢᠬᠠᠵᠠᠢ ᠃
ᠠᠷᠭᠠᠯ ᠤ᠋ᠨ ᠣᠪᠣᠭ᠎ᠠ ᠶ᠋ᠢ ᠨᠢ ᠲᠣᠭᠣᠷᠢᠭᠠᠳ
ᠠᠯᠲᠠᠨ ᠯᠢᠩᠬᠤ᠎ᠠ ᠳᠡᠯᠭᠡᠷᠡᠴᠢᠬᠡᠵᠡᠢ ᠂
ᠠᠳᠤᠭᠤᠨ ᠤ᠋ ᠬᠢᠨᠢ ᠳᠤᠮᠳᠠ
ᠠᠯᠲᠠᠨ ᠤᠨᠠᠭ᠎ᠠ ᠲᠣᠭᠯᠠᠴᠢᠬᠠᠵᠠᠢ ᠃
ᠡᠪᠡᠰᠦ ᠣᠯᠤᠭᠠᠳ ᠠᠪᠤᠪᠠᠯ
ᠯᠢᠩ ᡁᠢ ᠬᠤᠪᠢᠯᠤᠭᠠᠳ ᠡᠷᠳᠡᠨᠢ ᠂
ᠥᠯᠥᠭᠴᠢᠨ ᠣᠯᠤᠭᠠᠳ ᠲᠡᠵᠢᠭᠡᠪᠡᠯ
ᠭᠠᠷᠵᠢ ᠭᠥᠯᠥᠭᠡᠯᠡᠭᠡᠳ ᠨᠣᠬᠠᠨᠴᠢᠷ ᠃
ᠥᠨᠳᠡᠭᠡ ᠣᠯᠤᠭᠠᠳ ᠳᠠᠷᠤᠭᠤᠯᠪᠠᠯ
ᠲᠣᠭᠣᠰ ᠨᠡᠪᠴᠢᠭᠡᠳ ᠭᠠᠢᠬᠠᠮᠰᠢᠭ ᠂
ᠦᠨᠳᠦᠰᠦᠲᠦ ᠮᠣᠳᠣ ᠶ᠋ᠢ ᠲᠠᠷᠢᠪᠠᠯ
ᠵᠢᠮᠢᠰ ᠰᠠᠭᠤᠭᠠᠳ ᠠᠩᠬᠢᠯᠤᠮᠠᠯ᠃
ᠠᠳᠤᠭᠤ ᠮᠠᠯ ᠤ᠋ᠨ ᠰᠦᠷᠦᠭ ᠢ᠋ᠶ᠋ᠡᠨ
ᠠᠲᠠᠷ ᠲᠠᠯ᠎ᠠ ᠪᠠᠷ ᠬᠡᠮᠵᠢᠨ᠎ᠡ ᠭᠡᠨ᠎ᠡ ᠂
ᠠᠯᠲᠠ ᠮᠥᠩᠭᠥ ᠡᠷᠳᠡᠨᠢ ᠪᠡᠨ
ᠠᠪᠳᠠᠷ᠎ᠠ ᠬᠣᠷᠭᠣ ᠪᠠᠷ ᠬᠡᠮᠵᠢᠨ᠎ᠡ ᠭᠡᠨ᠎ᠡ ᠃
ᠠᠷᠠᠰᠤ ᠪᠣᠯᠤᠨ ᠨᠣᠣᠰᠣ ᠪᠠᠨ
ᠠᠭᠤᠯᠠ ᠣᠪᠣᠬᠠ ᠪᠠᠷ ᠵᠢᠱ᠌ᠢᠨᠡ ᠭᠡᠨ᠎ᠡ ᠂
ᠠᠢᠷᠠᠭ ᠰᠦ ᠰᠠᠭᠠᠯᠢ ᠪᠠᠨ
ᠠᠨᠠᠪᠠᠳ ᠳᠠᠯᠠᠢ ᠪᠠᠷ ᠵᠢᠱ᠌ᠢᠨᠡ ᠭᠡᠨ᠎ᠡ ᠃
ᠠᠷᠲᠠᠢ ᠲᠣᠷᠭ᠎ᠠ ᠮᠠᠩᠨᠤᠭ ᠢ᠋ᠶ᠋ᠠᠨ
ᠠᠯᠲᠠ ᠠᠯᠲᠠ ᠪᠠᠷ ᠬᠡᠮᠵᠢᠨ᠎ᠡ ᠭᠡᠨ᠎ᠡ ᠂
ᠠᠷᠠᠯᠵᠢᠶ᠎ᠠ ᠮᠠᠢᠮᠠᠢ ᠰᠣᠯᠢᠯᠴᠠᠭ᠎ᠠ ᠪᠠᠨ
ᠠᠴᠢᠶ᠎ᠠ ᠠᠴᠢᠶ᠎ᠠ ᠪᠠᠷ ᠬᠡᠯᠡᠯᠴᠡᠨ᠎ᠡ ᠭᠡᠨ᠎ᠡ ᠃
ᠬᠣᠨᠢ ᠢᠮᠠᠭ᠎ᠠ ᠦᠬᠡᠷ ᠢ᠋ᠶ᠋ᠡᠨ
ᠬᠣᠲᠣᠭᠣᠷ ᠵᠢᠯᠠᠭ᠎ᠠ ᠪᠠᠷ ᠬᠡᠮᠵᠢᠨ᠎ᠡ ᠭᠡᠨ᠎ᠡ ᠂
ᠬᠤᠷᠢᠶᠠᠵᠤ ᠣᠪᠣᠭᠠᠯᠠᠬᠤ ᠨᠣᠣᠰᠣ ᠪᠠᠨ
ᠬᠤᠸᠠ ᠬᠥᠲᠥᠯ ᠢ᠋ᠶ᠋ᠡᠷ ᠵᠢᠱ᠌ᠢᠨᠡ ᠭᠡᠨ᠎ᠡ ᠃
ᠬᠤᠷᠤᠳ ᠪᠣᠯᠤᠨ ᠲᠣᠰᠣ ᠶ᠋ᠢ ᠪᠡᠨ
ᠬᠣᠢᠲᠤ ᠳᠠᠯᠠᠢ ᠪᠠᠷ ᠵᠢᠱ᠌ᠢᠨᠡ ᠭᠡᠨ᠎ᠡ ᠂
ᠬᠤᠪᠠ ᠱ᠌ᠢᠷᠦ ᠰᠤᠪᠤᠳ ᠢ᠋ ᠪᠡᠨ
ᠬᠣᠷᠭᠣ ᠠᠪᠳᠠᠷ᠎ᠠ ᠪᠠᠷ ᠬᠡᠮᠵᠢᠨ᠎ᠡ ᠭᠡᠨ᠎ᠡ ᠃
ᠬᠣᠷᠭᠣᠢ ᠮᠠᠩᠨᠤᠭ ᠵᠡᠰᠡᠷ ③ ᠢ᠋ ᠪᠡᠨ
ᠬᠤᠢ ᠭᠠᠷᠠᠬ᠎ᠠ ④ ᠪᠠᠷ ᠬᠡᠮᠵᠢᠨ᠎ᠡ ᠭᠡᠨ᠎ᠡ᠂
ᠬᠤᠳᠠᠯᠳᠤᠭ᠎ᠠ ᠮᠠᠢᠮᠠᠢ ᠠᠷᠠᠯᠵᠢᠶ᠎ᠠ ᠪᠠᠨ
ᠬᠣᠮ ᠲᠡᠩᠨᠡᠭᠡ ᠪᠡᠷ ᠬᠡᠯᠡᠯᠴᠡᠨ᠎ᠡ ᠭᠡᠨ᠎ᠡ ᠃
ᠠᠭᠯᠠᠭ ᠰᠠᠢᠬᠠᠨ ᠠᠭᠤᠯᠠᠨ ᠳ᠋ᠤᠨᠢ
ᠠᠯᠲᠠᠨ ᠭᠤᠷᠭᠤᠤᠯᠳᠠᠢ ᠳᠣᠩᠭᠣᠳᠤᠯᠴᠠᠨᠠ ᠂
ᠠᠲᠠᠷ ᠢ᠋ᠶ᠋ᠠᠷ ᠪᠡᠯᠴᠢᠬᠦ ᠬᠣᠨᠢᠨ ᠳ᠋ᠤᠨᠢ
ᠠᠷᠭᠠᠯᠢ ᠶᠠᠩᠭᠢᠷ ᠢᠵᠢᠯᠢᠰᠢᠨᠡ ᠃
ᠠᠷᠪᠠᠨ ᠰᠠᠷ᠎ᠠ ᠶ᠋ᠢᠨ ᠦᠶᠡᠰ ᠢ᠋ᠶ᠋ᠡᠷ
ᠠᠶᠠᠯᠭᠤᠲᠤ ᠬᠥᠬᠥᠭᠡ ᠬᠦᠦᠭᠳᠡᠨᠡ ᠃
ᠠᠭᠤᠯᠠᠨ ᠳ᠋ᠤ᠌ ᠪᠡᠯᠴᠢᠬᠦ ᠠᠳᠤᠭᠤᠨ ᠳ᠋ᠤᠨᠢ
ᠠᠯᠠᠭ ᠲᠠᠬᠢ ᠨᠤᠭᠤᠳ ᠳᠠᠰᠤᠯᠴᠠᠨᠠ ᠃
ᠰᠥᠨᠢ ᠪᠡᠷ ᠭᠡᠲᠡᠬᠦ ᠬᠤᠯᠠᠭᠠᠢ ᠦᠭᠡᠢ
ᠰᠦᠷᠦᠭ ᠲᠦ᠍ ᠬᠠᠯᠳᠠᠬᠤ ᠴᠢᠨᠣ᠎ᠠ ᠦᠭᠡᠢ
ᠰᠥᠷᠭᠡᠦᠯᠡᠵᠦ ᠢᠷᠡᠬᠦ ᠳᠠᠢᠰᠤᠨ ᠦᠭᠡᠢ
ᠰᠦᠨᠡᠰᠦ ᠠᠳᠠ ᠶ᠋ᠢᠨ ᠴᠢᠳᠬᠥᠷ ᠦᠭᠡᠢ᠃
ᠦᠳᠡᠰᠢ ᠪᠡᠷ ᠭᠡᠲᠡᠬᠦ ᠬᠤᠯᠠᠭᠠᠢ ᠦᠭᠡᠢ
ᠦᠬᠡᠷ ᠲᠦ᠍ ᠬᠠᠯᠳᠠᠬᠤ ᠴᠢᠨᠣ᠎ᠠ ᠦᠭᠡᠢ
ᠥᠷᠢᠰᠦᠯᠳᠦᠭᠡᠨ ᠬᠢᠬᠦ ᠳᠠᠢᠰᠤᠨ ᠦᠭᠡᠢ
ᠡᠪᠡᠳᠴᠢᠨ ᠲᠠᠬᠤᠯ ᠵᠣᠪᠠᠯᠠᠩ ᠦᠭᠡᠢ᠃
ᠠᠯᠲᠠ ᠭᠡᠭᠡᠭᠡᠳ ᠠᠪᠬᠤ ᠬᠥᠮᠦᠨ ᠦᠭᠡᠢ
ᠡᠷᠳᠡᠨᠢ ᠭᠡᠭᠡᠭᠡᠳ ᠡᠷᠢᠬᠦ ᠬᠥᠮᠦᠨ ᠦᠭᠡᠢ
ᠰᠤᠪᠤᠳ ᠭᠡᠭᠡᠭᠡᠳ ᠰᠤᠷᠠᠬᠤ ᠬᠥᠮᠦᠨ ᠦᠭᠡᠢ
ᠴᠢᠨᠳᠠᠮᠤᠨᠢ ᠪᠠᠢᠬᠤ ᠳ᠋ᠤ᠌ ᠱᠠᠭᠠᠢᠬᠤ ᠬᠥᠮᠦᠨ ᠦᠭᠡᠢ ᠃
ᠥᠭᠭᠢᠶᠡᠮᠦᠷ ᠣᠷᠣᠬᠤ ᠬᠤᠷ᠎ᠠ ᠡᠭᠦᠯᠡ ᠡᠴᠡ ᠪᠡᠨ ᠨᠠᠯᠠᠭᠠᠷ ᠠ᠋!
ᠥᠭᠡᠳᠡᠯᠡᠵᠦ ᠮᠠᠨᠳᠤᠭᠰᠠᠨ×× ᠲᠥᠷᠥ
ᠥᠷᠭᠡᠨ ᠳᠠᠶᠠᠭᠠᠷ ᠡᠢᠮᠦ ᠠ᠋!
ᠰᠢᠪᠡᠷᠡᠨ ᠣᠷᠣᠬᠤ ᠬᠤᠷ᠎ᠠ
ᠴᠢᠭᠢᠭ ᠡᠴᠡ ᠪᠡᠨ ᠨᠠᠯᠠᠭᠠᠷ ᠠ᠋!
ᠰᠢᠨ᠎ᠡ ᠪᠡᠷ ᠮᠠᠨᠳᠤᠭᠰᠠᠨ×× ᠲᠥᠷᠥ
ᠴᠡᠷᠢᠭ ᠠᠷᠠᠳ ᠦᠭᠡᠢ ᠡᠢᠮᠦ ᠠ᠋!
( ᠴᠣᠢᠵᠢᠺᠠᠸ᠋ᠨ )
— — — —
① ᠪᠤᠢᠳᠤᠩ ᠬᠣᠷᠸ᠎ᠠ — ᠪᠤᠳᠤᠩᠭᠤᠢ ᠶᠢᠷᠲᠢᠨᠴᠦ ᠭᠡᠰᠡᠨ ᠤᠳᠬ᠎ᠠ ᠲᠠᠢ ᠦᠭᠡ᠂
② ᠴᠢᠯᠢᠨ — ᠪᠢᠯᠢᠭᠲᠦ ᠭᠥᠷᠥᠭᠡᠰᠦ᠃
③ ᠵᠡᠰᠡᠷ — ᠲᠥᠪᠡᠳ ᠦᠭᠡ ᠃ ᠠᠯᠲᠠᠨ ᠡᠳ᠋ ᠭᠡᠰᠡᠨ ᠤᠳᠬ᠎ᠠ ᠲᠠᠢ ᠃
④ ᠬᠤᠢ ᠭᠠᠷᠠᠬ᠎ᠠ — ᠬᠤᠢ ᠭᠡᠳᠡᠭ ᠨᠢ ᠨᠢᠭᠡ ᠪᠦᠬᠦᠯᠢ ᠪᠠᠭᠯᠠᠭ᠎ᠠ ᠪᠥᠰ ᠲᠣᠷᠭ᠎ᠠ ᠶ᠋ᠢ ᠬᠡᠯᠡᠨ᠎ᠡ ᠂ ᠭᠠᠷᠠᠬ᠎ᠠ ᠭᠡᠳᠡᠭ ᠨᠢ ᠨᠢᠭᠡ ᠣᠷᠢᠶᠠᠳᠠᠰᠤ ᠶ᠋ᠢ ᠬᠡᠯᠡᠵᠦ ᠪᠣᠢ᠃ ᠥᠭᠡᠷ᠎ᠡ ᠪᠡᠷ ᠬᠡᠯᠡᠪᠡᠯ ᠪᠦᠬᠦᠯᠢ ᠪᠦᠬᠦᠯᠢ ᠪᠡᠷ ᠭᠡᠰᠡᠨ ᠤᠳᠬ᠎ᠠ ᠲᠠᠢ ᠃
– ᠦᠷᠭᠦᠯᠵᠢᠯᠡᠯ ᠪᠣᠢ –
