1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠰᠠᠢᠬᠠᠨ ᠰᠥᠨᠢᠳ-ᠰᠣᠳᠣᠰᠡᠴᠡᠨ ᠨᠠᠷ Миний сайхан сөнид

ᠮᠢᠨᠦ ᠰᠠᠢᠬᠠᠨ ᠰᠥᠨᠢᠳ-ᠰᠣᠳᠣᠰᠡᠴᠡᠨ ᠨᠠᠷ Миний сайхан сөнид

ᠠᠩᠭᠢᠯᠠᠯ:ᠳᠠᠭᠤᠤ ᠬᠥᠭᠵᠢᠮ
2025-04-10

1555

ᠮᠢᠨᠦ ᠰᠠᠶ᠋ᠢᠬᠠᠨ ᠰᠥᠨᠢᠳ

    ᠦᠭᠡ ᠄ ᠱ ᠳᠣᠭᠠᠷ 
    ᠠᠶ᠎ᠠ᠄ ᠴᠠᠭᠠᠨ 
    ᠳᠠᠭᠤᠴᠢᠨ᠄ ᠰᠣᠳᠣᠰᠡᠴᠡᠨ ᠨᠠᠷ 

ᠤᠰᠤᠨ ᠲᠣᠨᠣᠭᠰᠠᠨ ᠰᠠᠷᠠᠨ ᠰᠢᠭ 
ᠣᠯᠢᠶᠠᠷᠬᠠᠭ ᠪᠦᠰᠡᠭᠦᠢ ᠨᠢ ᠬᠡᠭᠡᠨᠴᠢᠷᠬᠡᠨ 
ᠠᠭᠤᠯᠠᠰ ᠤ᠋ᠨ ᠰᠦᠷᠯᠢᠭ ᠳᠦᠷᠢ ᠰᠢᠭ 
ᠠᠳᠤᠭᠤᠴᠢᠨ ᠡᠷ᠎ᠡ ᠨᠢ ᠬᠠᠩᠬᠠᠷᠬᠠᠨ 
ᠡᠴᠢᠭᠡ ᠶ᠋ᠢᠨ ᠠᠭᠤᠳᠠᠮ ᠡᠪᠦᠷ ᠰᠢᠭ 
ᠡᠩ ᠦᠭᠡᠢ ᠲᠡᠮᠡᠴᠢ ᠨᠢ ᠴᠡᠯᠡᠭᠡᠷᠬᠡᠨ 
ᠡᠵᠢ ᠶ᠋ᠢᠨ ᠠᠩᠭᠢᠷ ᠤᠭᠤᠷᠠᠭ ᠰᠢᠭ᠋ 
ᠡᠭᠡᠰᠢᠭᠲᠦ ᠦᠭᠡᠰ ᠨᠢ ᠢᠷᠠᠭᠤᠬᠠᠨ 
ᠮᠢᠨᠦ ᠰᠠᠢᠬᠠᠨ ᠰᠥᠨᠢᠳ 
ᠬᠥᠮᠦᠨ ᠦ᠌ ᠬᠠᠢᠷ᠎ᠠ ᠶ᠋ᠢᠨ ᠠᠷᠭᠠᠮᠵᠢᠶ᠎ᠠ
ᠮᠢᠨᠦ ᠰᠠᠢᠬᠠᠨ ᠰᠥᠨᠢᠳ ᠨᠤᠲᠤᠭ
ᠮᠢᠨᠦ ᠰᠠᠢᠬᠠᠨ ᠰᠥᠨᠢᠳ ᠨᠤᠲᠤᠭ ᠠ᠋

ᠲᠠᠯ᠎ᠠ ᠳ᠋ᠤ᠌ ᠰᠠᠴᠤᠭᠰᠠᠨ ᠰᠤᠪᠤᠳ ᠰᠢᠭ᠋
ᠲᠠᠷᠭᠤᠨ ᠰᠦᠷᠦᠭ ᠨᠢ ᠨᠠᠯᠠᠭᠠᠷᠬᠠᠨ
ᠳᠠᠭᠠᠨ᠎ᠠ ᠶ᠋ᠢᠨ ᠴᠠᠭᠠᠨ ᠴᠡᠴᠡᠭᠡᠰ ᠰᠢᠭ
ᠲᠠᠨᠠᠨ ᠥᠷᠭᠥᠭᠡ ᠨᠢ ᠴᠠᠭᠠᠬᠠᠨ
ᠬᠤᠭᠤᠷ ᠤ᠋ᠨ ᠤᠶᠠᠬᠠᠨ ᠡᠭᠡᠰᠢᠭ ᠰᠢᠭ
ᠨᠠᠭᠤᠷ ᠤ᠋ᠨ ᠰᠢᠪᠠᠭᠤᠳ ᠨᠢ ᠣᠶᠠᠷᠠᠭᠤᠬᠠᠨ
ᠬᠣᠷᠸ᠎ᠠ ᠶ᠋ᠢᠨ ᠮᠥᠩᠭᠥᠨ ᠪᠦᠰᠡᠯᠡᠭᠦᠷ ᠰᠢᠭ
ᠬᠣᠯᠠ ᠶ᠋ᠢᠨ ᠵᠡᠷᠭᠡᠯᠭᠡᠨ ᠨᠢ ᠠᠯᠢᠶᠠᠷᠬᠠᠨ
ᠮᠢᠨᠦ ᠰᠠᠢᠬᠠᠨ ᠰᠥᠨᠢᠳ
ᠬᠥᠮᠦᠨ ᠦ᠌ ᠬᠠᠢᠷ᠎ᠠ ᠶ᠋ᠢᠨ ᠠᠷᠭᠠᠮᠵᠢᠶ᠎ᠠ
ᠮᠢᠨᠦ ᠰᠠᠢᠬᠠᠨ ᠰᠥᠨᠢᠳ ᠨᠤᠲᠤᠭ
ᠮᠢᠨᠦ ᠰᠠᠢᠬᠠᠨ ᠰᠥᠨᠢᠳ ᠨᠤᠲᠤᠭ ᠠ᠋
ᠠ᠂᠂᠂᠂
ᠠ᠂᠂᠂᠂
ᠮᠢᠨᠦ ᠰᠠᠢᠬᠠᠨ ᠰᠥᠨᠢᠳ ᠨᠤᠲᠤᠭ ᠠ᠋
ᠮᠢᠨᠦ ᠰᠠᠢᠬᠠᠨ ᠰᠥᠨᠢᠳ ᠨᠤᠲᠤᠭ ᠠ᠋
 
 ᠦᠰᠦᠭ ᠠᠮᠢᠯᠠᠭᠤᠯᠤᠭᠴᠢ᠄ ᠰᠢᠵᠢᠷᠮᠠᠨᠳᠤᠯ᠎ᠠ