ᠰᠡᠲᠡᠷᠲᠦ ᠲᠠᠯ᠎ᠠ -ᠲᠦᠮᠡᠨ᠌ᠥ᠌ᠯᠵᠡᠢTumenulzii - Setert tal _ Түмэн-Өлзий - Сэтэрт тал
ᠰᠡᠲᠡᠷᠲᠦ ᠲᠠᠯ᠎ᠠ
ᠦᠭᠡ᠄ ᠠ᠊· ᡀᠠᠭᠪᠠ
ᠠᠶ᠎ᠠ᠄ ᠴᠠᠢ · ᠡᠷᠳᠡᠨᠢᠪᠠᠲᠤ
ᠬᠥᠭᠵᠢᠮ᠄ ᠪ · ᠰᠠᠨᠢᠴᠠᠷ
ᠳᠠᠭᠤᠴᠢᠨ᠄ ᠲᠦᠮᠡᠨ᠌ᠥ᠌ᠯᠵᠡᠢ
ᠳᠥᠷᠥᠭᠡ ᠱᠦᠷᠭᠦᠭᠡᠬᠦ ᠳ᠋ᠦ᠍ ᠡᠪᠡᠰᠦ ᠨᠢ ᠬᠤᠭᠤᠷᠳᠠᠳᠠᠭ
ᠲᠥᠮᠪᠥᠭᠡᠷᠬᠡᠨ ᠬᠡᠭᠡᠷ᠎ᠡ ᠲᠠᠯ᠎ᠠ ᠮᠢᠨᠦ ᠵᠠ
ᠠᠮᠠᠭᠠᠢ ᠱᠠᠷᠬᠢᠬᠤ ᠳ᠋ᠤ᠌ ᠳᠠᠭᠤᠤ ᠨᠢ ᠲᠥᠷᠥᠳᠡᠭ
ᠠᠯᠳᠠᠩᠬᠠᠨ ᠲᠠᠯ᠎ᠠ ᠨᠤᠲᠤᠭ ᠮᠢᠨᠦ ᠵᠠ
ᠲᠩᠷᠢ ᠶ᠋ᠢᠨ ᠬᠥᠬᠡ ᠰᠡᠲᠡᠷ ᠲᠡᠢ
ᠲᠡᠨᠢᠭᠦᠬᠡᠨ ᠰᠡᠯᠡᠭᠦᠬᠡᠨ ᠨᠤᠲᠤᠭ ᠮᠢᠨᠢ
ᠡᠩᠭᠡᠷ ᠴᠡᠭᠡᠵᠢᠨ ᠳ᠋ᠦ᠍ ᠰᠠᠬᠢᠭᠤᠰᠤ ᠲᠠᠢ
ᠡᠷᠲᠡᠨ ᠦ᠌ ᠬᠠᠭᠠᠳ ᠤ᠋ᠨ ᠥᠯᠥᠭᠡᠢ ᠮᠢᠨᠢ ᠠ᠋
ᠮᠣᠷᠢᠳ ᠢᠷᠡᠬᠦ ᠳ᠋ᠦ᠍ ᠪᠣᠷᠣᠭ᠎ᠠ ᠨᠢ ᠵᠦᠰᠡᠷᠡᠳᠡᠭ
ᠮᠣᠩᠭᠣᠯ ᠨᠤᠲᠤᠭ ᠤ᠋ᠨ ᠲᠩᠷᠢ ᠮᠢᠨᠦ ᠵᠠ
ᠢᠵᠢᠢ ᠠᠮᠤᠷᠵᠢᠬᠤ ᠳ᠋ᠤ᠌ ᠭᠠᠵᠠᠷ ᠠᠮᠠᠷᠠᠳᠠᠭ
ᠡᠯᠢᠭᠡᠨ ᠬᠠᠯᠠᠭᠤᠨ ᠨᠤᠲᠤᠭ ᠮᠢᠨᠦ ᠵᠠ
ᠲᠩᠷᠢ ᠶ᠋ᠢᠨ ᠬᠥᠬᠡ ᠰᠡᠲᠡᠷ ᠲᠡᠢ
ᠲᠡᠨᠢᠭᠦᠬᠡᠨ ᠰᠡᠯᠡᠭᠦᠬᠡᠨ ᠨᠤᠲᠤᠭ ᠮᠢᠨᠢ
ᠡᠩᠭᠡᠷ ᠴᠡᠭᠡᠵᠢᠨ ᠳ᠋ᠦ᠍ ᠰᠠᠬᠢᠭᠤᠰᠤ ᠲᠠᠢ
ᠡᠷᠲᠡᠨ ᠦ᠌ ᠬᠠᠭᠠᠳ ᠤ᠋ᠨ ᠥᠯᠥᠭᠡᠢ ᠮᠢᠨᠢ ᠠ᠋
ᠠᠳᠤᠭᠤ ᠨᠢ ᠦᠦᠷᠰᠡᠬᠦ ᠳ᠋ᠦ᠍ ᠰᠠᠯᠬᠢ ᠨᠢ ᠡᠭᠦᠰᠳᠡᠭ
ᠠᠨᠢᠷ ᠬᠥᠮᠬᠡᠨ ᠨᠤᠲᠤᠭ ᠮᠢᠨᠦ ᠵᠠ
ᠣᠪᠣᠭ᠎ᠠ ᠪᠣᠰᠬᠤ ᠳ᠋ᠤ᠌ ᠳᠣᠮᠣᠭ ᠠᠮᠢᠯᠠᠳᠠᠭ
ᠣᠷᠴᠢᠯᠠᠩ ᠳ᠋ᠤ᠌ ᠭᠠᠭᠴᠠᠬᠠᠨ ᠨᠤᠲᠤᠭ ᠮᠢᠨᠦ ᠵᠠ
ᠲᠩᠷᠢ ᠶ᠋ᠢᠨ ᠬᠥᠬᠡ ᠰᠡᠲᠡᠷ ᠲᠡᠢ
ᠲᠡᠨᠢᠭᠦᠬᠡᠨ ᠰᠡᠯᠡᠭᠦᠬᠡᠨ ᠨᠤᠲᠤᠭ ᠮᠢᠨᠢ
ᠡᠩᠭᠡᠷ ᠴᠡᠭᠡᠵᠢᠨ ᠳ᠋ᠦ᠍ ᠰᠠᠬᠢᠭᠤᠰᠤ ᠲᠠᠢ
ᠡᠷᠲᠡᠨ ᠦ᠌ ᠬᠠᠭᠠᠳ ᠤ᠋ᠨ ᠥᠯᠥᠭᠡᠢ ᠮᠢᠨᠢ ᠠ᠋
ᠦᠰᠦᠭ ᠠᠮᠢᠯᠠᠭᠤᠯᠤᠭᠴᠢ᠄ ᠤᠤᠭᠠᠨᠵᠢᠳ᠂ ᠠᠩᠴᠢᠨ
ᠦᠰᠦᠭ ᠬᠠᠳᠠᠭᠴᠢ᠄ ᠠᠩᠴᠢᠨ
ᠦᠰᠦᠭ ᠬᠢᠨᠠᠭᠴᠢ᠄ ᠲᠡᠰᠢᠮᠡ᠂ ᠢᠷᠡᠭᠡᠳᠦᠢ᠂ ᠬᠦᠳᠡᠷᠪᠣᠯᠣᠳ
ᠪᠢᠴᠢᠯᠭᠡ 2
ᠦᠰᠦᠭ ᠬᠠᠳᠠᠭᠴᠢ᠄ ᠭᠠᠸᠠ
ᠦᠰᠦᠭ ᠬᠢᠨᠠᠭᠴᠢ᠄ ᠭᠠᠷᠮ᠎ᠠ ᠪᠠᠭᠰᠢ