ᠦᠬᠡᠷ ᠮᠣᠷᠢᠨ ᠲᠣᠯᠣᠭᠠᠢᠲᠤ ᠡᠯᠴᠢ ᠪᠡᠷ ᠠᠨᠵᠢᠰᠤ ᠲᠠᠲᠠᠭᠤᠯᠵᠤ ᠲᠠᠷᠢᠶ᠎ᠠ ᠲᠠᠷᠢᠭᠤᠯᠤᠭᠰᠠᠨ ᠨᠢ-ᠪᠠᠯᠭᠠᠨᠰᠠᠩ ᠤᠨ ᠦᠯᠢᠭᠡᠷҮхэр морин толгойт элчээр анжис татуулж тариа дариулсан нь-Балгансангийн үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠬᠡᠷ ᠮᠣᠷᠢᠨ ᠲᠣᠯᠣᠭᠠᠢᠲᠤ ᠡᠯᠴᠢ ᠪᠡᠷ ᠠᠨᠵᠢᠰᠤ ᠲᠠᠲᠠᠭᠤᠯᠵᠤ ᠲᠠᠷᠢᠶ᠎ᠠ ᠲᠠᠷᠢᠭᠤᠯᠤᠭᠰᠠᠨ ᠨᠢ-ᠪᠠᠯᠭᠠᠨᠰᠠᠩ ᠤᠨ ᠦᠯᠢᠭᠡᠷҮхэр морин толгойт элчээр анжис татуулж тариа дариулсан нь-Балгансангийн үлгэр

ᠦᠬᠡᠷ ᠮᠣᠷᠢᠨ ᠲᠣᠯᠣᠭᠠᠢᠲᠤ ᠡᠯᠴᠢ ᠪᠡᠷ ᠠᠨᠵᠢᠰᠤ ᠲᠠᠲᠠᠭᠤᠯᠵᠤ ᠲᠠᠷᠢᠶ᠎ᠠ ᠲᠠᠷᠢᠭᠤᠯᠤᠭᠰᠠᠨ ᠨᠢ-ᠪᠠᠯᠭᠠᠨᠰᠠᠩ ᠤᠨ ᠦᠯᠢᠭᠡᠷҮхэр морин толгойт элчээр анжис татуулж тариа дариулсан нь-Балгансангийн үлгэр

ᠠᠩᠭᠢᠯᠠᠯ:ᠳᠣᠮᠣᠭ ᠦᠯᠢᠭᠡᠷ
2025-04-09

708

         一 ᠡᠷᠯᠢᠭ ᠬᠠᠭᠠᠨ ᠲᠠᠢ ᠲᠡᠮᠡᠴᠡᠯᠳᠦᠭᠰᠡᠨ ᠦ᠌ ᠬᠣᠶᠠᠷ ᠤ᠋ᠨ ᠬᠤᠪᠢᠯᠪᠤᠷᠢ 
     ᠡᠷᠯᠢᠭ ᠬᠠᠭᠠᠨ ᠤ᠋ ᠡᠯᠴᠢ ᠬᠢᠢ ᠰᠦᠨᠡᠰᠦᠨ ᠴᠢᠳᠬᠥᠷ᠂ ᠪᠠᠯᠭᠠᠨᠰᠠᠩ ᠤ᠋ᠨ ᠤᠷᠠᠬ᠎ᠠ ᠳ᠋ᠤ᠌ ᠤᠨᠠᠵᠤ ᠭᠠᠬᠠᠢ ᠶ᠋ᠢᠨ ᠳᠠᠪᠤᠰᠠᠩ ᠳ᠋ᠤ᠌ ᠬᠣᠷᠢᠭᠳᠠᠵᠤ᠂ ᠬᠠᠮᠤᠭ ᠪᠡᠶ᠎ᠡ ᠪᠡᠨ ᠬᠠᠷ᠎ᠠ ᠨᠥᠵᠢ ᠪᠣᠯᠲᠠᠯ᠎ᠠ ᠢᠰᠬᠦᠯᠦᠭᠦᠯᠦᠭᠡᠳ᠂  ᠬᠠᠯᠠᠭᠤᠨ ᠭᠣᠣᠯ ᠢ᠋ᠶ᠋ᠠᠨ ᠲᠠᠰᠤᠯᠤᠭᠤᠯᠬᠤ ᠰᠢᠬᠠᠵᠤ᠂ ᠠᠷᠠᠢ ᠴᠢᠷᠠᠢ ᠵᠢᠭᠤᠲᠠᠨ ᠡᠷᠭᠢᠵᠦ ᠢᠷᠡᠭᠡᠳ᠂ ᠡᠷᠯᠢᠭ ᠬᠠᠭᠠᠨ ᠳ᠋ᠠᠭᠠᠨ ᠡᠯᠳᠡᠭᠳᠡᠭᠰᠡᠨ ᠤᠴᠢᠷ ᠢ᠋ᠶ᠋ᠠᠨ ᠮᠡᠳᠡᠭᠦᠯᠦᠭᠰᠡᠨ ᠳ᠋ᠦ᠍᠂ ᠡᠷᠯᠢᠭ ᠬᠠᠭᠠᠨ ᠲᠤᠢᠯ ᠢ᠋ᠶ᠋ᠠᠷ ᠠᠭᠤᠷᠯᠠᠵᠤ᠂ ᠦᠬᠡᠷ ᠲᠣᠯᠣᠭᠠᠢᠲᠤ᠂ ᠮᠣᠷᠢᠨ ᠲᠣᠯᠣᠭᠠᠢᠲᠤ ᠬᠣᠶᠠᠷ ᠴᠢᠳᠬᠥᠷ ᠢ᠋ᠶ᠋ᠠᠨ ᠳᠠᠭᠤᠳᠠᠵᠤ᠄
    《ᠪᠠᠯᠭᠠᠨᠰᠠᠩ ᠢ᠋ ᠪᠠᠷᠢᠵᠤ ᠢᠷ᠎ᠡ!》 ᠭᠡᠵᠦ ᠵᠠᠷᠯᠢᠭ ᠪᠠᠭᠤᠯᠭᠠᠨ ᠶᠠᠪᠤᠭᠤᠯᠵᠤ ᠭᠡᠨ᠎ᠡ᠃
     ᠵᠠ ᠣᠳᠣ᠂ ᠦᠬᠡᠷ ᠲᠣᠯᠣᠭᠠᠢᠲᠤ᠂ ᠮᠣᠷᠢᠨ ᠲᠣᠯᠣᠭᠠᠢᠲᠤ ᠬᠣᠶᠠᠷ ᠴᠢᠳᠬᠥᠷ ᠦ᠋ᠨ ᠪᠠᠯᠭᠠᠨᠰᠠᠩ ᠢ᠋ ᠪᠠᠷᠢᠬᠤ ᠪᠠᠷ ᠮᠣᠷᠢᠯᠠᠵᠤ ᠶᠠᠪᠤᠭ᠎ᠠ ᠶ᠋ᠢ ᠬᠡᠯᠡᠬᠦ ᠦᠭᠡᠢ᠂ ᠪᠠᠯᠭᠠᠨᠰᠠᠩ ᠤ᠋ᠨ ᠪᠠᠢᠳᠠᠯ ᠢ᠋ ᠶᠠᠷᠢᠶ᠎ᠠ᠃ ᠪᠠᠯᠭᠠᠨᠰᠠᠩ᠂ᠬᠡᠢ ᠰᠦᠨᠡᠰᠦᠨ ᠴᠢᠳᠬᠥᠷ ᠢ᠋ ᠶᠠᠪᠤᠭᠤᠯᠤᠭᠰᠠᠨ ᠤ᠋ ᠬᠣᠢᠨ᠎ᠠ᠂ ᠣᠳᠣ ᠯᠠᠪ ᠦᠬᠡᠷ ᠲᠣᠯᠣᠭᠠᠢᠲᠤ᠂ ᠮᠣᠷᠢᠨ ᠲᠣᠯᠣᠭᠠᠢᠲᠤ ᠬᠣᠶᠠᠷ ᠴᠢᠳᠬᠥᠷ ᠨᠢ ᠢᠷᠡᠬᠦ ᠪᠠᠢᠬ᠎ᠠ ᠭᠡᠵᠦ ᠮᠡᠳᠡᠭᠡᠳ᠂ ᠬᠠᠰᠠᠭ ᠲᠡᠷᠭᠡᠨ ᠳ᠋ᠡᠭᠡᠨ ᠬᠠᠷ᠎ᠠ ᠪᠤᠳᠠᠭ᠎ᠠ ᠶ᠋ᠢᠨ ᠦᠷ᠎ᠡ  ᠬᠠᠮᠬᠠᠷᠬᠠᠢ ᠠᠨᠵᠢᠰᠤ ᠪᠠᠨ ᠲᠡᠭᠡᠭᠡᠵᠦ᠂ ᠡᠬᠡᠨᠡᠷ ᠲᠡᠢ ᠪᠡᠨ ᠬᠣᠶᠠᠭᠤᠯᠠ ᠵᠢᠳᠬᠦᠭᠰᠡᠭᠡᠷ ᠠᠭᠤᠯᠠ ᠶ᠋ᠢᠨ ᠡᠩᠭᠡᠷ ᠲᠦ᠍ ᠢᠷᠡᠭᠡᠳ᠂ ᠲᠠᠷᠢᠶ᠎ᠠ ᠪᠠᠨ ᠲᠠᠷᠢᠵᠤ ᠭᠡᠨ᠎ᠡ᠃
     ᠤᠨᠤᠭ᠎ᠠ ᠬᠥᠯᠦᠭ ᠦᠭᠡᠢ ᠪᠣᠯᠬᠣᠷ᠂ ᠡᠬᠡᠨᠡᠷ ᠢ᠋ᠶ᠋ᠠᠷ ᠢ᠋ᠶ᠋ᠠᠨ ᠠᠨᠵᠢᠰᠤ ᠪᠠᠨ ᠪᠠᠷᠢᠭᠤᠯᠵᠤ᠂ ᠥᠪᠡᠷ ᠢ᠋ᠶ᠋ᠡᠨ ᠠᠨᠵᠢᠰᠤ ᠪᠠᠨ ᠴᠢᠷᠦᠭᠰᠡᠭᠡᠷ ᠲᠠᠷᠢᠶᠠᠯᠠᠵᠤ ᠦᠬᠡᠷ ᠮᠣᠷᠢᠨ ᠲᠣᠯᠣᠭᠠᠢᠲᠤ ᠬᠣᠶᠠᠷ ᠴᠢᠳᠬᠥᠷ ᠦ᠋ᠨ ᠢᠷᠡᠬᠦ ᠶ᠋ᠢ ᠬᠦᠯᠢᠶᠡᠵᠦ ᠪᠠᠢᠵᠠᠢ!
   ᠦᠬᠡᠷ ᠮᠣᠷᠢᠨ ᠲᠣᠯᠣᠭᠠᠢᠲᠤ ᠬᠣᠶᠠᠷ ᠴᠢᠳᠬᠥᠷ᠂ ᠪᠠᠯᠭᠠᠨᠰᠠᠩ ᠤ᠋ᠨ ᠳ᠋ᠤ᠌ ᠬᠦᠷᠴᠦ ᠢᠷᠡᠬᠦᠯ᠎ᠡ᠂ ᠪᠠᠯᠭᠠᠨᠰᠠᠩ ᠪᠠᠷ᠎ᠠ ᠲᠤᠷᠤ ᠦᠭᠡᠢ ᠪᠣᠯᠤᠭᠰᠠᠨ ᠳ᠋ᠤ᠌ ᠠᠢᠯ ᠠᠢᠮᠠᠭ ᠤ᠋ᠨ ᠬᠥᠮᠦᠰ ᠡᠴᠡ ᠨᠢ ᠰᠤᠷᠠᠭᠰᠠᠭᠠᠷ᠂ ᠠᠲᠠᠷ ᠬᠠᠭᠠᠯᠪᠤᠷᠢᠯᠠᠵᠤ ᠲᠠᠷᠢᠶ᠎ᠠ ᠪᠠᠨ ᠲᠠᠷᠢᠬᠤ ᠪᠠᠷ ᠶᠠᠪᠤᠯ᠎ᠠ ᠭᠡᠵᠦ ᠰᠣᠨᠣᠰᠤᠭᠠᠳ ᠬᠠᠩᠭᠠᠢ ᠠᠭᠤᠯᠠ ᠶ᠋ᠢᠨ ᠡᠩᠭᠡᠷ ᠲᠦ᠍ ᠨᠡᠬᠡᠵᠦ ᠢᠷᠡᠭᠡᠳ᠄
     《ᠬᠦᠢ ᠪᠠᠯᠭᠠᠨᠰᠠᠩ! ᠡᠷᠡᠯᠬᠡᠭ ᠬᠠᠭᠠᠨ ᠴᠠᠮᠠᠢᠢ ᠬᠤᠷᠳᠤᠨ ᠢᠷ᠎ᠡ ᠭᠡᠵᠦ ᠳᠠᠭᠤᠳᠠᠵᠤ ᠪᠠᠢᠨ᠎ᠠ!》 ᠭᠡᠪᠡ᠃ ᠪᠠᠯᠭᠠᠨᠰᠠᠩ ᠪᠠᠬᠠᠨ ᠳᠤᠷ᠎ᠠ ᠦᠭᠡᠢᠴᠡᠭᠰᠡᠨ ᠪᠠᠢᠳᠠᠯ᠎ᠢᠶᠠᠷ᠄
     《ᠪᠠᠶ᠋ᠢᠵᠨ ᠪᠠᠶ᠋ᠢᠵᠨ! ᠪᠢ ᠡᠨᠡ ᠲᠠᠷᠢᠶ᠎ᠠ ᠪᠠᠨ ᠲᠠᠷᠢᠵᠤ ᠳᠠᠭᠤᠰᠤᠭᠠᠳ ᠶᠠᠪᠤᠶ᠎ᠠ!》 ᠭᠡᠵᠡᠢ᠃ ᠦᠬᠡᠷ ᠮᠣᠷᠢᠨ ᠲᠣᠯᠣᠭᠠᠶ᠋ᠢᠲᠤ ᠴᠢᠳᠬᠥᠷ ᠠᠭᠤᠷᠯᠠᠨ᠄
    《ᠡᠷᠯᠢᠭ ᠬᠠᠭᠠᠨ ᠳᠠᠭᠤᠳᠠᠵᠤ ᠪᠠᠶ᠋ᠢᠬᠤ ᠳ᠋ᠤ ᠪᠠᠰᠠ ᠶᠠᠭᠤᠨ ‍ᠤ ᠬᠢᠨᠢ ᠲᠠᠷᠢᠶ᠎ᠠ ᠲᠠᠷᠢᠴᠢᠬᠠᠭᠰᠠᠨ ᠶᠤᠮ? ᠬᠤᠷᠳᠤᠨ ᠶᠠᠪᠤᠶ᠎ᠠ!》 ᠭᠡᠵᠦ ᠰᠢᠬᠠᠮᠳᠠᠭᠤᠯᠤᠭᠰᠠᠨ ᠳ᠋ᠤ ᠪᠠᠯᠭᠠᠨᠰᠠᠩ᠄
    《ᠡᠷᠯᠢᠭ ᠬᠠᠭᠠᠨ ‍ᠤ ᠵᠠᠬᠢᠶ᠎ᠠ ᠢᠷᠡᠨ᠎ᠡ ᠭᠡᠰᠡᠨ ᠊ᠢ ᠠᠯᠢ ᠡᠷᠲᠡᠨ ᠡᠴᠡ ᠮᠡᠳᠡᠭᠰᠡᠨ ᠪᠣᠯᠬᠣᠷ᠂ ᠠᠯᠤᠰ ‍ᠤᠨ ᠵᠠᠮ ᠡᠳᠦᠷ ᠬᠣᠨᠣᠭ ᠤᠳᠠᠬᠤ ᠲᠤᠯᠠ᠂ ᠵᠠᠮ ‍ᠤᠨ ᠶ᠋ᠢᠠᠨ  ᠬᠦᠨᠡᠰᠦ ᠶ᠋ᠢ ᠪᠡᠯᠡᠳᠬᠡᠭᠡᠳ ᠶᠠᠪᠤᠶ᠎ᠠ ᠭᠡᠰᠡᠨ ᠶᠤᠮ᠃ ᠳᠠᠬᠢᠭᠠᠳ ᠬᠡᠯᠡᠪᠡᠯ᠂ ᠪᠢ ᠶᠠᠪᠤᠬᠤ ᠳ᠋ᠤ ᠭᠡᠷ ᠲᠦ ᠪᠠᠰᠠ ᠡᠬᠡᠨᠡᠷ ᠬᠡᠦᠬᠡᠳ ᠮᠢᠨᠢ ᠦᠯᠡᠳᠡᠨ᠎ᠡ᠃ ᠪᠢ ᠵᠠᠮ ᠳ᠋ᠠᠭᠠᠨ ᠬᠣᠶᠠᠭᠤᠯᠠ ᠬᠦᠨᠡᠰᠦ ᠬᠡᠷᠡᠭ ᠲᠡᠢ ᠭᠡᠲᠡᠯ᠎ᠡ᠂ ᠭᠡᠷ ᠲᠦ ᠦᠯᠡᠳᠡᠭᠰᠡᠨ ᠬᠥᠮᠦᠰ ᠲᠦ ᠴᠦ᠍ ᠪᠤᠳᠠᠭ᠎ᠠ ᠲᠠᠷᠢᠶ᠎ᠠ ᠬᠡᠷᠡᠭᠲᠡᠢ ᠰᠢᠦ᠃ ᠲᠠ ᠬᠣᠶᠠᠷ ᠴᠦ᠍ ᠪᠠᠰᠠ ᠲᠠᠪᠤᠨ ᠲᠠᠷᠢᠶᠠᠨ ‍ᠤ ᠦᠷ᠎ᠡ ᠶ᠋ᠢ ᠠᠮᠲᠠᠯᠠᠵᠤ ᠦᠵᠡᠪᠡᠯ ᠬᠡᠳᠦᠢ ᠰᠠᠶ᠋ᠢᠬᠠᠨ ᠪᠤᠢ⁈》 ᠭᠡᠵᠦ ᠬᠠᠷᠢᠭᠤᠯᠵᠠᠢ᠃
       ᠦᠬᠡᠷ ᠮᠣᠷᠢᠨ ᠲᠣᠯᠣᠭᠠᠶ᠋ᠢᠲᠤ ᠬᠣᠶᠠᠷ ᠴᠢᠳᠬᠥᠷ᠄
     《ᠲᠡᠭᠡᠪᠡᠯ ᠡᠨᠡ ᠲᠠᠷᠢᠶ᠎ᠠ ᠪᠠᠨ ᠴᠢ ᠬᠡᠵᠢᠶ᠎ᠡ ᠲᠠᠷᠢᠵᠤ ᠳᠠᠭᠤᠰᠬᠠᠬᠤ ᠪᠤᠢ?》 ᠭᠡᠵᠦ ᠠᠰᠠᠭᠤᠭᠰᠠᠨ ᠳ᠋ᠤ᠂
      《ᠤᠨᠤᠭᠠᠷᠢ ᠬᠦᠯᠦᠭ ᠲᠡᠢ ᠶᠤᠮ ᠪᠣᠯ ᠦᠵᠡᠬᠦ ᠶ᠋ᠢᠨ ᠵᠠᠭᠤᠷ᠎ᠠ ᠲᠠᠷᠢᠭᠠᠳ ᠳᠠᠭᠤᠰᠬᠠᠴᠢᠬᠠᠬᠤ ᠶᠤᠮ᠃ ᠠᠨᠵᠢᠰᠤ ᠵᠢᠳᠬᠦᠵᠦ ᠲᠠᠷᠢᠬᠤ ᠪᠣᠯᠬᠣᠷ ᠠᠯᠢ ᠬᠤᠷᠳᠤᠨ ᠳ᠋ᠠᠭᠠᠨ ᠠᠷᠪᠠᠭᠠᠳ ᠡᠳᠦᠷ ᠪᠣᠯᠤᠨ᠎ᠠ᠂ ᠬᠡᠯᠳᠡᠰᠬᠡᠪᠡᠯ ᠬᠣᠷᠢᠭᠠᠳ ᠬᠣᠨᠣᠬᠤ ᠴᠤ ᠮᠠᠭᠠᠳ》 ᠭᠡᠵᠦ ᠬᠡᠯᠡᠵᠡᠢ᠃
      《ᠲᠡᠭᠡᠭᠡᠳ ᠶᠠᠭᠠᠬᠢᠵᠤ ᠪᠣᠯᠬᠤ ᠶᠤᠮ!》 ᠬᠣᠶᠠᠷ  ᠴᠢᠳᠬᠥᠷ ᠪᠠᠬᠠᠨ ᠰᠠᠨᠳᠤᠷᠴᠤ
《ᠴᠠᠭ ᠰᠠᠭᠠᠲᠠᠪᠠᠯ᠂ ᠡᠷᠯᠢᠭ ᠬᠠᠭᠠᠨ ᠬᠦᠯᠢᠶᠡᠬᠦ ᠦᠭᠡᠢ ᠰᠢᠦ?》 ᠭᠡᠵᠡᠢ᠃
 ᠪᠠᠯᠭᠠᠨᠰᠠᠩ ᠤᠯᠠᠮ ᠰᠦᠷᠳᠡᠭᠦᠯᠵᠦ᠄
      《ᠲᠠᠷᠢᠶ᠎ᠠ ᠪᠠᠨ ᠲᠠᠷᠢᠵᠤ ᠪᠠᠷᠠᠬᠤ ᠦᠭᠡᠢ ᠪᠣᠯ ᠪᠢ ᠴᠦ᠍ ᠶᠠᠪᠤᠬᠤ ᠦᠭᠡᠢ ᠳ᠋ᠠ! ᠲᠠ ᠬᠣᠶᠠᠭᠤᠯᠠ ᠲᠣᠩ ᠶᠠᠭᠠᠷᠠᠵᠤ ᠪᠠᠶ᠋ᠢᠪᠠᠯ ᠬᠠᠪᠰᠤᠷᠴᠤ ᠪᠠᠶ᠋ᠢᠭᠠᠳ ᠬᠤᠷᠳᠤᠬᠠᠨ ᠲᠠᠷᠢᠵᠤ ᠳᠠᠭᠤᠰᠬᠠᠭᠠᠳ ᠶᠠᠪᠤᠵᠠᠭᠠᠶ᠎ᠠ᠃ ᠲᠡᠭᠡᠪᠡᠯ ᠲᠠ ᠬᠣᠶᠠᠷ ᠲᠤ ᠲᠠᠪᠤᠨ ᠲᠠᠷᠢᠶ᠎ᠠ ᠠᠮᠲᠠᠯᠠᠭᠤᠯᠤᠶ᠎ᠠ》 ᠭᠡᠵᠡᠢ᠃ ᠴᠢᠩᠭᠢᠭᠡᠳ ᠦᠬᠡᠷ ᠮᠣᠷᠢᠨ ᠲᠣᠯᠣᠭᠠᠶ᠋ᠢᠲᠤ ᠬᠣᠶᠠᠷ ᠴᠢᠳᠬᠥᠷ᠄
      《ᠬᠦᠯᠢᠶᠡᠪᠡᠴᠦ ᠴᠠᠭ ᠢ᠋ᠶ᠋ᠠᠨ ᠲᠠᠯᠠᠭᠠᠷ ᠪᠠᠷᠠᠨ᠎ᠠ᠂ ᠲᠡᠭᠡᠬᠦ ᠪᠡᠷ ᠢ᠋ᠶ᠋ᠡᠨ ᠡᠨᠡ ᠡᠷ᠎ᠡ ᠡᠮ᠎ᠡ ᠬᠣᠶᠠᠷ ᠢ᠋ ᠬᠠᠪᠰᠤᠷᠴᠤ ᠲᠠᠷᠢᠶ᠎ᠠ ᠶ᠋ᠢ ᠨᠢ ᠪᠤᠰᠢᠭᠤᠬᠠᠨ ᠲᠠᠷᠢᠭᠠᠳ ᠳᠠᠭᠤᠰᠬᠠᠴᠢᠬᠠᠪᠠᠯ᠂ ᠪᠢᠳᠡ ᠴᠦ᠍ ᠲᠠᠪᠤᠨ ᠲᠠᠷᠢᠶ᠎ᠠ ᠶ᠋ᠢ ᠨᠢ ᠠᠮᠲᠠᠯᠠᠭᠠᠳ ᠡᠷᠲᠡᠬᠡᠨ ᠬᠠᠷᠢᠵᠤ ᠠᠯᠪᠠ ᠪᠠᠨ ᠲᠤᠰᠢᠶᠠᠬᠤ  ᠪᠢᠰᠢ ‍ᠦᠦ?》 ᠭᠡᠵᠦ ᠬᠣᠭᠣᠷᠣᠨᠳᠣ ᠪᠠᠨ ᠵᠥᠪᠳᠡᠭᠡᠳ᠂ ᠪᠠᠯᠭᠠᠨᠰᠠᠩ ᠢ᠋ ᠬᠠᠪᠰᠤᠷᠴᠤ ᠲᠠᠷᠢᠶ᠎ᠠ ᠶ᠋ᠢ ᠨᠢ ᠲᠠᠷᠢᠵᠤ ᠥᠭᠬᠦ ᠪᠡᠷ ᠲᠣᠭᠲᠠᠵᠠᠢ ᠭᠡᠨ᠎ᠡ᠃
    ᠲᠡᠭᠡᠭᠡᠳ ᠪᠠᠯᠭᠠᠨᠰᠠᠩ᠂ ᠪᠥᠭᠲᠥᠭᠡᠷ ᠠᠨᠵᠢᠰᠤᠨ ᠳ᠋ᠠᠭᠠᠨ ᠮᠣᠷᠢᠨ ᠲᠣᠯᠣᠭᠠᠢᠲᠤ ᠶ᠋ᠢ ᠬᠥᠯᠵᠦ᠂ᠦᠬᠡᠷ ᠲᠣᠯᠣᠭᠠᠢᠲᠤ ᠶ᠋ᠢ ᠨᠢ ᠥᠩᠬᠥᠷᠢᠭᠦᠯ ᠪᠤᠯᠤ ᠳ᠋ᠠᠭᠠᠨ ᠬᠥᠯᠦᠭᠡᠳ ᠡᠬᠡᠨᠡᠷ ᠢ᠋ᠶ᠋ᠡᠷ ᠢ᠋ᠶ᠋ᠡᠨ ᠬᠥᠲᠥᠯᠦᠭᠦᠯᠵᠦ ᠲᠠᠷᠢᠶ᠎ᠠ ᠪᠠᠨ ᠲᠠᠷᠢᠵᠤ ᠭᠡᠨ᠎ᠡ᠃ ᠲᠡᠭᠡᠭᠡᠳ ᠰᠢᠯᠪᠢᠭᠦᠷ ᠢ᠋ᠶ᠋ᠡᠨ ᠰᠠᠭᠤ ᠲᠡᠳᠡᠨ ᠭᠠᠷᠭᠠᠵᠤ᠂ ᠬᠣᠶᠠᠷ ᠴᠢᠳᠬᠥᠷ ᠪᠠᠭ᠎ᠠ ᠯᠠ ᠤᠳᠠᠭᠠᠨ ᠠᠯᠬᠤᠪᠠᠯ᠂ ᠬᠣᠩᠭᠣ ᠶ᠋ᠢᠨ ᠮᠢᠬ᠎ᠠ ᠶ᠋ᠢ ᠨᠢ ᠢᠵᠠᠷᠠᠲᠠᠯ᠎ᠠ ᠭᠤᠶᠠᠳᠠᠵᠤ ᠬᠢᠩᠭᠠᠨ ᠰᠢᠯᠪᠢ ᠶ᠋ᠢ ᠨᠢ ᠶᠠᠩᠭᠢᠨᠠᠲᠠᠯ᠎ᠠ ᠰᠢᠪᠬᠠᠷᠳᠠᠭᠰᠠᠭᠠᠷ ᠠᠨᠵᠢᠰᠤ ᠪᠠᠨ ᠴᠢᠩᠭᠠᠭᠠᠯᠭᠠᠨ ᠲᠠᠷᠢᠶ᠎ᠠ ᠪᠠᠨ ᠲᠠᠷᠢᠭᠤᠯᠵᠤ ᠭᠡᠨ᠎ᠡ᠃ ᠥᠨᠥ ᠬᠣᠶᠠᠷ ᠴᠢᠳᠬᠥᠷ᠂ ᠠᠨᠵᠢᠰᠤ ᠪᠠ ᠪᠤᠯᠤ ᠶ᠋ᠢ ᠨᠢ ᠵᠢᠳᠬᠦᠨ ᠴᠢᠩᠭᠠᠭᠠᠵᠤ ᠵᠦᠳᠡᠷᠡᠵᠦ ᠶᠠᠳᠠᠷᠠᠬᠤ ᠲᠠᠢ᠂ ᠳᠡᠭᠡᠷ᠎ᠡ ᠡᠴᠡ ᠨᠢ ᠪᠠᠯᠭᠠᠨᠰᠠᠩ ᠤ᠋ᠨ ᠰᠢᠯᠬᠢᠭᠦᠷ ᠲᠦ ᠴᠢᠰᠤ ᠨᠥᠵᠢ ᠪᠡᠨ ᠭᠠᠷᠲᠠᠯ᠎ᠠ ᠴᠣᠬᠢᠭᠳᠠᠵᠤ ᠲᠡᠰᠴᠦ ᠶᠠᠳᠠᠬᠤ ᠳ᠋ᠠᠭᠠᠨ᠄
   《ᠪᠠᠯᠭᠠᠨᠰᠠᠩ ᠪᠠᠭᠰᠢ ᠮᠢᠨᠢ ᠠ᠋! ᠪᠢᠳᠡ ᠬᠣᠶᠠᠷ ᠢ᠋ ᠰᠤᠯᠠᠯᠠᠨ ᠲᠠᠯᠪᠢᠬᠤ ᠪᠣᠯᠪᠠ ‍ᠦᠦ? ᠲᠠᠨ ᠤ᠋ ᠲᠠᠷᠢᠶ᠎ᠠ ᠲᠠᠷᠢᠬᠤ ᠶ᠋ᠢ ᠬᠣᠷᠢᠭᠠᠳ ᠬᠣᠨᠣᠭ ᠬᠦᠯᠢᠶᠡᠬᠦ ᠪᠠᠢᠲᠤᠭᠠᠢ᠂ ᠬᠣᠶᠠᠷ ᠰᠠᠷ᠎ᠠ ᠬᠦᠯᠢᠶᠡᠪᠡᠴᠦ ᠪᠣᠯᠤᠨ᠎ᠠ! ᠲᠠᠪᠤᠨ ᠲᠠᠷᠢᠶ᠎ᠠ ᠶ᠋ᠢ ᠴᠢᠨᠢ ᠴᠦ᠍ ᠠᠮᠲᠠᠯᠠᠬᠤ ᠦᠭᠡᠢ!》 ᠭᠡᠵᠦ ᠭᠤᠶᠤᠵᠠᠢ᠃ ᠭᠡᠲᠡᠯ᠎ᠡ ᠪᠠᠯᠭᠠᠨᠰᠠᠩ ᠣᠭᠲᠣ ᠬᠦᠯᠢᠶᠡᠬᠦ ᠦᠭᠡᠢ᠄
   《ᠡᠷᠯᠢᠭ ᠬᠠᠭᠠᠨ ᠤ᠋ ᠵᠠᠷᠯᠢᠭ ᠢ᠋ ᠬᠡᠨ ᠬᠥᠮᠦᠨ ᠳᠤᠷ᠎ᠠ ᠲᠠᠪᠠ ᠪᠠᠷ ᠢ᠋ᠶ᠋ᠠᠨ ᠵᠥᠷᠢᠴᠡᠵᠦ ᠪᠣᠯᠬᠤ ᠪᠣᠢ? ᠡᠯᠳᠡᠪ ᠬᠣᠶᠠᠷ ᠢ᠋ᠶ᠋ᠠᠷ ᠪᠢᠲᠡᠭᠡᠢ ᠪᠠᠰᠢᠷᠯᠠᠭᠠᠳ ᠪᠠᠢ! ᠬᠦᠴᠦ ᠪᠡᠨ ᠰᠢᠪᠬᠠᠵᠤ᠂ ᠬᠤᠷᠳᠤᠨ ᠶᠠᠪᠤ! 》ᠭᠡᠳ ᠤᠯᠠᠮ ᠰᠢᠷᠦᠭᠦᠨ ᠰᠢᠯᠪᠡᠭᠦᠷᠳᠡᠨ ᠵᠠᠨᠴᠢᠵᠤ ᠭᠡᠨ᠎ᠡ᠃ ᠦᠬᠡᠷ ᠮᠣᠷᠢᠨ ᠲᠣᠯᠣᠭᠠᠢᠲᠤ ᠬᠣᠶᠠᠷ ᠬᠥᠯᠦᠯᠭᠡ ᠶ᠋ᠢᠨ ᠬᠦᠯᠢᠶᠡᠰᠦ ᠡᠴᠡ ᠮᠤᠯᠲᠤᠷᠠᠵᠤ ᠴᠢᠳᠠᠬᠤ ᠦᠭᠡᠢ᠂ ᠬᠥᠯ ᠨᠤᠭᠤᠯᠵᠤ ᠠᠮᠤᠰᠬᠢᠬᠦ ᠶ᠋ᠢᠨ ᠴᠦ᠍ ᠵᠠᠪ ᠴᠢᠯᠥᠭᠡ ᠦᠭᠡᠢ᠃ ᠠᠨᠵᠢᠰᠤ ᠪᠠ ᠪᠤᠯᠤ ᠶ᠋ᠢ ᠬᠥᠯᠥᠰᠥ ᠪᠠᠭᠠᠰᠤ ᠪᠠᠨ ᠭᠠᠷᠲᠠᠯ᠎ᠠ ᠬᠦᠴᠦ ᠮᠡᠳᠡᠨ ᠲᠠᠲᠠᠭᠰᠠᠭᠠᠷ᠂ ᠨᠠᠷᠠ ᠲᠠᠰᠢᠬᠤ ᠶ᠋ᠢᠨ ᠪᠠᠷᠤᠭ ᠲᠤ᠌ ᠰᠠᠶᠢ ᠳᠥᠩᠭᠡᠵᠦ ᠲᠠᠷᠢᠶ᠎ᠠ ᠶ᠋ᠢ ᠨᠢ ᠲᠠᠷᠢᠵᠤ ᠳᠠᠭᠤᠰᠤᠭᠠᠳ᠄
  《ᠣᠳᠣ ᠪᠢᠳᠡ ᠶᠠᠪᠤᠬᠤ ᠤᠤ?》 ᠭᠡᠰᠡᠨ ᠳ᠋ᠦ᠍᠂ ᠪᠠᠯᠭᠠᠨᠰᠠᠩ ᠨᠢᠳᠦ ᠪᠡᠨ ᠡᠷᠢᠶᠡᠯᠭᠡᠵᠦ᠄
   《ᠲᠠᠷᠢᠶ᠎ᠠ ᠭᠡᠳᠡᠭ ᠴᠢᠨᠢ ᠲᠠᠷᠢᠭᠰᠠᠨ ᠤ᠋ ᠳᠠᠷᠠᠭ᠎ᠠ ᠲᠡᠩᠨᠡᠵᠦ᠂ ᠦᠷᠡᠯᠡᠭᠰᠡᠨ ᠦ᠌ ᠳᠠᠷᠠᠭ᠎ᠠ ᠬᠠᠳᠤᠵᠤ᠂ ᠬᠠᠳᠤᠭᠰᠠᠨ ᠤ᠋ ᠳᠠᠷᠠᠭ᠎ᠠ ᠦᠲᠦᠷᠮᠡᠳᠡᠳᠡᠭ ᠢ᠋ ᠲᠠ ᠨᠠᠷ ᠮᠡᠳᠡᠬᠦ ᠦᠭᠡᠢ ᠦᠦ? ᠨᠠᠮᠤᠷ ᠥᠩᠭᠡᠷᠡᠵᠦ ᠡᠪᠦᠯᠰᠢᠬᠦ ᠡᠴᠡ ᠨᠡᠰᠢ ᠶᠠᠪᠤᠵᠤ ᠴᠢᠳᠠᠬᠤ ᠦᠭᠡᠢ᠃ ᠲᠠ ᠬᠣᠶᠠᠷ ᠲᠤᠩ ᠶᠠᠭᠠᠷᠠᠵᠤ ᠪᠠᠢᠪᠠᠯ᠂ ᠨᠠᠮᠤᠷ ᠲᠠᠷᠢᠶ᠎ᠠ ᠬᠠᠳᠤᠭᠰᠠᠨ ᠤ᠋ ᠳᠠᠷᠠᠭ᠎ᠠ ᠥᠲᠥᠷᠮᠡᠳᠡᠵᠦ ᠥᠭᠭᠦᠭᠡᠳ ᠶᠠᠪᠤ ᠳᠠ!》 ᠦᠬᠡᠷ ᠮᠣᠷᠢᠨ ᠲᠣᠯᠣᠭᠠᠢᠲᠤ ᠬᠣᠶᠠᠷ ᠴᠢᠳᠬᠥᠷ᠂ ᠳᠠᠬᠢᠵᠤ ᠪᠠᠯᠭᠠᠨᠰᠠᠩ ᠤ᠋ᠨ ᠠᠷᠭ᠎ᠠ ᠮᠡᠬᠡ ᠳ᠋ᠦ᠍ ᠤᠨᠠᠵᠤ᠂ ᠠᠷᠠᠰᠤ ᠮᠢᠬ᠎ᠠ ᠪᠠᠨ ᠬᠠᠭᠠᠷᠠᠲᠠᠯ᠎ᠠ ᠵᠣᠳᠣᠭᠳᠠᠬᠤ ᠠ᠋ᠴᠠ ᠠᠶᠤᠵᠤ᠂ ᠲᠡᠷᠡ ᠳᠣᠣᠷ᠎ᠠ ᠪᠠᠨ ᠡᠷᠯᠢᠭ ᠦ᠋ᠨ ᠣᠷᠣᠨ ᠳ᠋ᠠᠭᠠᠨ ᠳᠤᠲᠠᠭᠠᠨ ᠬᠠᠷᠢᠵᠤ ᠭᠡᠨ᠎ᠡ᠃

      
         ᠴᠤᠭᠯᠠᠭᠤᠯᠤᠭᠰᠠᠨ ᠣᠷᠣᠨ᠄ ᠵᠡᠭᠦᠨ ᠰᠥᠨᠢᠳ
         ᠶᠠᠷᠢᠭᠰᠠᠨ ᠨᠢ᠄ ᠪᠠᠲᠤ
        ᠲᠡᠮᠳᠡᠭᠯᠡᠵᠦ ᠡᠮᠬᠢᠳᠬᠡᠭᠰᠡᠨ  ᠨᠢ᠄ ᠮᠠᠩ᠊᠊· ᠮᠥᠷᠡᠨ

 ᠦᠰᠦᠭ ᠠᠮᠢᠯᠠᠭᠤᠯᠤᠭᠴᠢ᠄ ᠮᠢᠬᠤᠸᠠᠷ᠂ ᠤᠶᠤᠨᠴᠢᠮᠡᠭ᠂ ᠲᠣᠳᠣᠭᠡᠷᠡᠯ
 ᠬᠢᠨᠠᠭᠴᠢ ᠪᠠᠭᠰᠢ᠄ ᠣᠳᠬᠠᠨᠰᠣ᠎ᠠ᠂ ᠣᠳᠬᠠᠨᠴᠡᠴᠡᠭ