ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠊ᠤ᠌ 3 ᠰᠠᠷ᠎ᠠ Итгэлт Хамба бламын сургааль ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠊ᠤ᠌ 3 ᠰᠠᠷ᠎ᠠ Итгэлт Хамба бламын сургааль

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠊ᠤ᠌ 3 ᠰᠠᠷ᠎ᠠ Итгэлт Хамба бламын сургааль

2025-04-09

769

ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ-2025 ᠣᠨ ᠊ᠤ᠌ 3 ᠰᠠᠷ᠎ᠠ 

ᠬᠠᠮᠪᠤ ᠪᠯᠠᠮ᠎ᠠ ᠳ᠋ᠠᠮᠪᠠ ᠠᠶᠤᠰᠢᠶᠸᠪ 
ᠢᠲᠡᠭᠡᠯᠲᠦ ᠬᠠᠮᠪᠤ ᠪᠯᠠᠮ᠎ᠠ ᠶ᠋ᠢᠨ ᠵᠠᠯᠪᠠᠷᠢᠯ 
ᠰᠠᠢᠨ ᠴᠢᠮᠡᠭ ᠲᠡᠢ ᠯᠠᠭᠱᠠᠨ ᠤ᠋ ᠮᠠᠨᠳᠠᠯ ᠳᠡᠯᠭᠡᠷᠡᠭᠰᠡᠨ 
ᠥᠯᠵᠡᠢ ᠲᠡᠢ ᠵᠠᠷᠯᠢᠭ ᠢ᠋ᠶ᠋ᠠᠷ ᠮᠠᠨ ᠤ᠋ ᠰᠡᠳᠬᠢᠯ ᠨᠣᠮᠣᠬᠠᠷᠠᠭᠰᠠᠨ 
ᠸᠴᠢᠷ ᠮᠡᠲᠦ ᠭᠦᠨᠵᠡᠭᠡᠢ ᠲᠠᠭᠠᠯᠠᠯ ᠡᠷᠬᠡᠰᠢᠶᠡᠭᠰᠡᠨ 
ᠢᠲᠡᠭᠡᠯᠲᠦ ᠬᠠᠮᠪᠤ ᠪᠯᠠᠮ᠎ᠠ ᠶ᠋ᠢᠨ ᠥᠯᠮᠡᠢ ᠳ᠋ᠦ᠍ ᠵᠠᠯᠪᠠᠷᠢᠨᠠᠮ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ 
ᠣᠸᠮ᠎ᠠ ᠬᠦᠷᠦ ᠱᠠᠰᠠ ᠳ᠋ᠠᠷ᠎ᠠ ᠳᠢ ᠮᠠᠮ ᠰᠤᠬ᠎ᠠ 
ᠣᠸᠮ᠎ᠠ ᠬᠦᠷᠦ  ᠱᠠᠰᠠ ᠳ᠋ᠠᠷ᠎ᠠ ᠳᠢ ᠮᠠᠮ ᠰᠤᠬ᠎ᠠ 
2025.03.01
ᠮᠣᠭᠠᠢ ᠵᠢᠯ᠂ ᠪᠠᠷᠰ ᠰᠠᠷ᠎ᠠ ᠶ᠋ᠢᠨ2 ᠊ᠤᠨ ᠰᠢᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠴᠠᠭ ᠬᠤᠪᠢᠷᠠᠭ᠎ᠠ》 ᠭᠡᠨ᠎ᠡ᠃ ᠢᠲᠡᠭᠡᠯᠲᠦ ᠪᠠᠭᠰᠢ᠄《ᠨᠣᠮ ᠤ᠋ᠨ ᠪᠣᠭᠳᠠ ᠪᠠᠷ ᠤᠩᠰᠢᠯᠭ᠎ᠠ ᠶ᠋ᠢ ᠨᠢ ᠳᠠᠭᠠᠷᠠᠭᠤᠯ》 ᠭᠡᠮᠡᠨ ᠠᠢᠯᠠᠳᠤᠯ᠎ᠠ᠃
2025.03.02
ᠮᠣᠭᠠᠢ ᠵᠢᠯ᠂ ᠪᠠᠷᠰ ᠰᠠᠷ᠎ᠠ ᠶ᠋ᠢᠨ3 ᠤ᠋ ᠴᠠᠭᠠᠨ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠯᠠᠮᠠ᠄《ᠬᠤᠷᠴᠠ ᠸᠴᠢᠷ ᠢ᠋ᠶ᠋ᠡᠷ ᠵᠣᠪᠠᠯᠠᠩ ᠢ᠋ ᠣᠭᠲᠣᠯᠤᠭᠴᠢ ᠪᠠᠭᠰᠢ ᠳ᠋ᠤ᠌ ᠮᠥᠷᠭᠥᠨ᠎ᠡ》 ᠭᠡᠨ᠎ᠡ᠃ ᠢᠲᠡᠭᠡᠯᠲᠦ ᠪᠠᠭᠰᠢ᠄《ᠨᠢᠭᠡ ᠦᠵᠦᠭᠦᠷ ᠲᠡᠢ ᠰᠡᠳᠬᠢᠯ ᠢ᠋ᠶ᠋ᠡᠷ ᠰᠣᠨᠣᠰ》 ᠭᠡᠮᠡᠨ ᠠᠢᠯᠠᠳᠤᠯ᠎ᠠ᠃
2025.03.03
ᠮᠣᠭᠠᠢ ᠵᠢᠯ᠂ ᠪᠠᠷᠰ ᠰᠠᠷ᠎ᠠ ᠶ᠋ᠢᠨ4 ᠦ᠌ ᠴᠠᠭᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠣᠷᠴᠢᠯᠠᠩ ᠠ᠋ᠴᠠ ᠬᠠᠯᠢᠬᠤ ᠶ᠋ᠢᠨ ᠲᠤᠬᠠᠢ ᠣᠯᠠᠨ ᠦᠭᠡ ᠬᠡᠯᠡᠨ᠎ᠡ》᠃ ᠢᠲᠡᠭᠡᠯᠲᠦ ᠪᠠᠭᠰᠢ᠄《ᠬᠣᠶᠠᠷ ᠴᠢᠭᠤᠯᠭᠠᠨ ᠢ᠋ ᠳᠡᠯᠢ[даль]( ᠰᠢᠪᠠᠭᠤᠨ ᠤ᠋ ᠳᠠᠯᠠᠪᠴᠢ) ᠪᠣᠯᠭᠠᠭᠠᠳ ᠪᠢ ᠦᠭᠡᠢ ᠶ᠋ᠢ ᠮᠡᠳᠡ》 ᠭᠡᠮᠡᠨ ᠠᠢᠯᠠᠳᠤᠯ᠎ᠠ᠃
2025.03.04
ᠮᠣᠭᠠᠢ ᠵᠢᠯ᠂ ᠪᠠᠷᠰ ᠰᠠᠷ᠎ᠠ ᠶ᠋ᠢᠨ 5 ᠤ᠋ ᠬᠠᠷ᠎ᠠ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠸᠴᠢᠷᠪᠠᠨᠢ ᠶ᠋ᠢᠨ ᠢᠳᠠᠮ ᠤ᠋ᠨ ᠪᠠᠭᠤᠳᠠᠯ ᠲᠠᠢ ᠮᠤᠨᠳᠠᠷᠭ᠎ᠠ ᠦᠵᠡᠭᠳᠡᠪᠡ᠃ᠢᠲᠡᠭᠡᠯᠲᠦ ᠪᠠᠭᠰᠢ᠄《ᠢᠯᠠᠵᠤ ᠲᠡᠭᠦᠰ ᠨᠥᠭᠴᠢᠭᠰᠡᠨ ᠦ᠌ ᠬᠦᠴᠦ ᠴᠢᠳᠠᠯ》 ᠭᠡᠮᠡᠨ ᠠᠢᠯᠠᠳᠤᠯ᠎ᠠ᠃
2025.03.05
ᠮᠣᠭᠠᠢ ᠵᠢᠯ᠂ ᠪᠠᠷᠰ ᠰᠠᠷ᠎ᠠ ᠶ᠋ᠢᠨ 6 ᠤ᠋ ᠬᠠᠷᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠶᠠᠭᠤ ᠴᠤ᠌ ᠪᠣᠯᠪᠠᠯ ᠬᠣᠭᠣᠰᠣᠨ ᠴᠢᠨᠠᠷ ᠲᠠᠢ》 ᠭᠡᠨ᠎ᠡ᠃ᠢᠲᠡᠭᠡᠯᠲᠦ ᠪᠠᠭᠰᠢ᠄《ᠨᠢᠰᠸᠠᠨᠢᠰ ᠤ᠋ᠨ ᠤᠬᠠᠭᠠᠨ ᠪᠣᠳᠣᠯ ᠠ᠋ᠴᠠ ᠰᠢᠳᠦᠨ ᠪᠠᠷᠢᠯᠳᠤᠵᠤ ᠭᠠᠷᠤᠭᠰᠠᠨ ᠶᠢᠷᠲᠢᠨᠴᠦ》ᠭᠡᠮᠡᠨ ᠠᠢᠯᠠᠳᠤᠯ᠎ᠠ᠃
2025.03.06
ᠮᠣᠭᠠᠢ ᠵᠢᠯ᠂ ᠪᠠᠷᠰ ᠰᠠᠷ᠎ᠠ ᠶ᠋ᠢᠨ 7 ᠤ᠋ ᠬᠥᠬᠡ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠥᠯᠵᠡᠢ ᠬᠤᠲᠤᠭ ᠪᠠᠭᠤᠯᠭᠠᠬᠤ ᠳ᠋ᠤ᠌ ᠨᠢ ᠢᠲᠡᠭᠡᠯᠲᠦ ᠪᠠᠭᠰᠢ᠄《ᠶᠡᠬᠡ ᠠᠮᠤᠭᠤᠯᠠᠩ ᠤ᠋ᠨ ᠡᠩᠬᠦᠷᠡᠢ ᠪᠦᠲᠦᠭᠡ》 ᠭᠡᠮᠡᠨ ᠠᠢᠯᠠᠳᠤᠯ᠎ᠠ᠃
2025.03.07
ᠮᠣᠭᠠᠢ ᠵᠢᠯ᠂ ᠪᠠᠷᠰ ᠰᠠᠷ᠎ᠠ ᠶ᠋ᠢᠨ 8 ᠤ᠋ ᠬᠥᠬᠡᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠦ᠌ ᠰᠦᠵᠢᠭᠯᠡᠬᠦ ᠭᠡᠬᠦ ᠳ᠋ᠦ᠍ ᠨᠢ ᠰᠦᠵᠢᠭ ᠦᠭᠡᠢ᠃ ᠢᠲᠡᠭᠡᠯᠲᠦ ᠪᠠᠭᠰᠢ᠄《ᠮᠠᠨᠢ ᠶᠡᠬᠡ ᠪᠡᠷ ᠲᠣᠭᠠᠯᠠ》 ᠭᠡᠮᠡᠨ ᠠᠢᠯᠠᠳᠤᠯ᠎ᠠ᠃
2025.03.08
ᠮᠣᠭᠠᠢ ᠵᠢᠯ᠂ ᠪᠠᠷᠰ ᠰᠠᠷ᠎ᠠ ᠶ᠋ᠢᠨ 9 ᠦ᠌ ᠤᠯᠠᠭᠠᠨ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠬᠠᠪᠤᠷ ᠤ᠋ᠨ ᠢᠯᠴᠢ ᠲᠣᠯᠣᠩ ᠳᠣᠣᠷ᠎ᠠ ᠪᠤᠷᠬᠠᠨ ᠤ᠋ ᠦᠵᠡᠭᠳᠡᠯ ᠢᠯᠡᠬᠡᠨ᠃ᠢᠲᠡᠭᠡᠯᠲᠦ ᠪᠠᠭᠰᠢ᠄《ᠰᠦᠵᠢᠭᠲᠡᠨ ᠳ᠋ᠦ᠍ ᠰᠠᠢᠨ ᠦᠢᠯᠡ ᠠᠷᠪᠢᠳᠤᠨ᠎ᠠ》 ᠭᠡᠮᠡᠨ ᠠᠢᠯᠠᠳᠤᠯ᠎ᠠ᠃
2025.03.09
ᠮᠣᠭᠠᠢ ᠵᠢᠯ᠂ ᠪᠠᠷᠰ ᠰᠠᠷ᠎ᠠ ᠶ᠋ᠢᠨ 10 ᠤ᠋ ᠤᠯᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠪᠯᠠᠮ᠎ᠠ ᠯᠠᠮᠠᠳᠠᠩ* ᠰᠤᠳᠤᠷ ᠤᠩᠰᠢᠵᠤ ᠪᠠᠢᠨ᠎ᠠ᠃ᠢᠲᠡᠭᠡᠯᠲᠦ ᠪᠠᠭᠰᠢ᠄《ᠮᠤᠩᠬᠠᠭ ᠤ᠋ᠨ ᠬᠠᠷᠠᠩᠭᠤᠢ ᠶ᠋ᠢ ᠠᠷᠢᠯᠭᠠᠭᠠᠳ ᠪᠢᠯᠢᠭ ᠦ᠋ᠨ ᠴᠢᠨᠠᠳᠤ ᠬᠦᠷᠭᠡᠬᠦ》 ᠭᠡᠮᠡᠨ ᠠᠢᠯᠠᠳᠤᠯ᠎ᠠ᠃
2025.03.10
ᠮᠣᠭᠠᠢ ᠵᠢᠯ᠂ ᠪᠠᠷᠰ ᠰᠠᠷ᠎ᠠ ᠶ᠋ᠢᠨ 11 ᠦ᠌ ᠰᠢᠷ᠎ᠠ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠦᠯᠢᠭᠡᠷᠴᠢ ᠡᠪᠦᠭᠡᠨ ᠳ᠋ᠦ᠍ ᠢᠲᠡᠭᠡᠯᠲᠦ ᠪᠠᠭᠰᠢ᠄《ᠠᠮᠢᠲᠠᠨ ᠤ᠋ ᠵᠤᠯᠠ ᠪᠣᠯᠵᠤ ᠰᠦᠷ ᠰᠦᠯᠳᠡ ᠶ᠋ᠢ ᠨᠢ ᠬᠡᠷᠡᠯᠳᠦᠭᠦᠯ》 ᠭᠡᠮᠡᠨ ᠠᠢᠯᠠᠳᠤᠯ᠎ᠠ᠃
2025.03.11
ᠮᠣᠭᠠᠢ ᠵᠢᠯ᠂ ᠪᠠᠷᠰ ᠰᠠᠷ᠎ᠠ ᠶ᠋ᠢᠨ 12  ᠊ᠤᠨ ᠰᠢᠷᠠᠭᠴᠢᠨ ᠲᠠᠤᠯᠠᠢ ᠡᠳᠦᠷ ᠦ᠋ᠨ ᠴᠠᠭ ᠠᠯᠬᠤᠵᠤ ᠭᠠᠷᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠠᠯᠲᠠᠨ ᠭᠡᠷᠡᠯ ᠰᠤᠳᠤᠷ ᠰᠣᠨᠣᠰᠬᠤ ᠪᠠᠷ ᠢᠷᠡᠭᠰᠡᠨ ᠬᠡᠳᠦᠬᠡᠨ ᠬᠥᠮᠦᠰ ᠪᠠᠢᠨ᠎ᠠ᠃ᠢᠲᠡᠭᠡᠯᠲᠦ ᠪᠠᠭᠰᠢ᠄《ᠤᠬᠠᠭᠠᠨ ᠭᠡᠷᠡᠯᠲᠦᠭᠦᠯᠬᠦ ᠶ᠋ᠢᠨ ᠲᠡᠮᠳᠡᠭ》 ᠭᠡᠮᠡᠨ ᠠᠢᠯᠠᠳᠤᠯ᠎ᠠ᠃
2025.03.12
ᠮᠣᠭᠠᠢ ᠵᠢᠯ᠂ ᠪᠠᠷᠰ ᠰᠠᠷ᠎ᠠ ᠶ᠋ᠢᠨ 13 ᠤ᠋ ᠴᠠᠭᠠᠨ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠪᠯᠠᠮ᠎ᠠ ᠡᠬᠡ ᠵᠢᠷᠭᠤᠭᠠᠨ ᠵᠦᠢᠯ ᠠᠮᠢᠲᠠᠨ ᠳ᠋ᠤ᠌ ᠲᠤᠰᠠ ᠬᠦᠷᠭᠡᠵᠦ ᠶᠠᠪᠤᠨ᠎ᠠ᠃ᠢᠲᠡᠭᠡᠯᠲᠦ ᠪᠠᠭᠰᠢ᠄《ᠲᠤᠭᠤᠯᠤᠭᠰᠠᠨ ᠪᠤᠷᠬᠠᠨ ᠤ᠋ ᠲᠡᠭᠦᠰ ᠲᠡᠭᠦᠯᠳᠡᠷ》 ᠭᠡᠮᠡᠨ ᠠᠢᠯᠠᠳᠤᠯ᠎ᠠ᠃
2025.03.13
ᠮᠣᠭᠠᠢ ᠵᠢᠯ᠂ ᠪᠠᠷᠰ ᠰᠠᠷ᠎ᠠ ᠶ᠋ᠢᠨ 14 ᠦ᠌ ᠴᠠᠭᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠬᠠᠮᠤᠭ ᠠᠮᠢᠲᠠᠨ ᠬᠣᠯᠠ ᠣᠢᠷ᠎ᠠ ᠠᠭᠤᠷᠯᠠᠵᠤ ᠲᠠᠴᠢᠶᠠᠬᠤ ᠬᠣᠶᠠᠷ ᠠ᠋ᠴᠠ ᠠᠩᠭᠢᠵᠢᠷᠠᠵᠤ ᠲᠡᠭᠰᠢ ᠣᠷᠣᠰᠢᠬᠤ ᠪᠣᠯᠲᠤᠭᠠᠢ》 ᠭᠡᠵᠦ ᠢᠷᠦᠭᠡᠯᠡᠨ᠎ᠡ᠃ᠢᠲᠡᠭᠡᠯᠲᠦ ᠪᠠᠭᠰᠢ᠄《ᠬᠠᠮᠤᠭ ᠠᠮᠢᠲᠠᠨ ᠢ᠋ ᠲᠥᠯᠥᠭᠡᠯᠡᠵᠦ ᠪᠠᠢᠭᠰᠠᠨ ᠡᠰ ᠪᠦᠭᠦᠳᠡ ᠶ᠋ᠢᠨ ᠥᠪᠡᠷ ᠥᠪᠡᠷ ᠦ᠋ᠨ ᠨᠠᠷᠠ ᠰᠠᠷᠠᠨ ᠲᠠᠢ》 ᠭᠡᠮᠡᠨ ᠠᠢᠯᠠᠳᠤᠯ᠎ᠠ᠃
2025.03.14
ᠮᠣᠭᠠᠢ ᠵᠢᠯ᠂ ᠪᠠᠷᠰ ᠰᠠᠷ᠎ᠠ ᠶ᠋ᠢᠨ 15 ᠤ᠋ ᠬᠠᠷ᠎ᠠ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠯᠠᠮᠠ ᠬᠤᠲᠤᠭᠲᠤ ᠢᠵᠠᠭᠤᠷᠲᠠᠨ ᠤ᠋ ᠦᠨᠳᠦᠰᠦᠲᠡᠨ ᠳ᠋ᠦ᠍ ᠵᠢᠷᠦᠬᠡᠨ ᠡᠴᠡ ᠬᠠᠨᠳᠤᠨ᠎ᠠ᠃ ᠢᠲᠡᠭᠡᠯᠲᠦ ᠪᠠᠭᠰᠢ᠄《ᠣᠶᠤᠨ ᠪᠢᠯᠢᠭ ᠪᠣᠯᠤᠨ ᠡᠩᠬᠦᠷᠡᠢᠯᠡᠯ ᠬᠣᠶᠠᠷ ᠢ᠋ ᠬᠠᠮᠲᠤᠷᠠᠭᠤᠯᠤᠨ ᠲᠡᠭᠦᠰ ᠭᠡᠭᠡᠷᠡᠯ ᠣᠯᠤᠨ᠎ᠠ》 ᠭᠡᠮᠡᠨ ᠠᠢᠯᠠᠳᠤᠯ᠎ᠠ᠃
2025.03.15
ᠮᠣᠭᠠᠢ ᠵᠢᠯ᠂ ᠪᠠᠷᠰ ᠰᠠᠷ᠎ᠠ ᠶ᠋ᠢᠨ 16 ᠤ᠋ ᠬᠠᠷᠠᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠮᠣᠳᠣᠨ ᠤ᠋ ᠨᠠᠪᠴᠢ ᠰᠠᠯᠪᠠᠷᠠᠵᠤ ᠳᠡᠯᠭᠡᠷᠡᠬᠦ ᠨᠢ ᠦᠵᠡᠭᠳᠡᠨ᠎ᠡ᠃ᠢᠲᠡᠭᠡᠯᠲᠦ ᠪᠠᠭᠰᠢ᠄《ᠡᠰᠡᠷᠭᠦ ᠲᠠᠯ᠎ᠠ ᠨᠢ ᠨᠣᠮᠣᠬᠠᠷᠠᠬᠤ ᠪᠣᠯ ᠨᠣᠮ ᠤ᠋ᠨ ᠴᠢᠨᠠᠷ ᠰᠡᠷᠭᠦᠳᠡᠭ》 ᠭᠡᠮᠡᠨ ᠠᠢᠯᠠᠳᠤᠯ᠎ᠠ᠃
2025.03.16
ᠮᠣᠭᠠᠢ ᠵᠢᠯ᠂ ᠪᠠᠷᠰ ᠰᠠᠷ᠎ᠠ ᠶ᠋ᠢᠨ 17 ᠤ᠋ ᠬᠥᠬᠡ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠳ᠋ᠦᠪᠴᠢᠨ ᠪᠯᠠᠮ᠎ᠠ ᠰᠢᠳᠢ ᠴᠢᠳᠠᠯ ᠢ᠋ᠶ᠋ᠠᠨ ᠦᠵᠡᠭᠦᠯᠵᠦ ᠪᠠᠢᠨ᠎ᠠ᠃ ᠢᠲᠡᠭᠡᠯᠲᠦ ᠪᠠᠭᠰᠢ᠄《ᠮᠡᠷᠭᠡᠨ ᠦᠢᠯᠡ ᠵᠠᠬ᠎ᠠ ᠬᠢᠵᠠᠭᠠᠷ ᠬᠦᠷᠴᠦ ᠪᠤᠷᠬᠠᠨ ᠪᠠᠭᠰᠢ ᠶ᠋ᠢᠨ ᠰᠤᠷᠭᠠᠯ》 ᠭᠡᠮᠡᠨ ᠠᠢᠯᠠᠳᠤᠯ᠎ᠠ᠃
2025.03.17
ᠮᠣᠭᠠᠢ ᠵᠢᠯ᠂ ᠪᠠᠷᠰ ᠰᠠᠷ᠎ᠠ ᠶ᠋ᠢᠨ 18 ᠤ᠋ ᠬᠥᠬᠡᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠭᠠᠰᠠᠯᠠᠩ ᠠ᠋ᠴᠠ ᠲᠣᠨᠢᠯᠬᠤ ᠭᠡᠳ ᠨᠢᠭᠡ ᠶᠠᠭᠤᠮ᠎ᠠ ᠬᠦᠯᠢᠶᠡᠭᠡᠳ ᠪᠠᠢᠨ᠎ᠠ᠃ ᠢᠲᠡᠭᠡᠯᠲᠦ ᠪᠠᠭᠰᠢ᠄《ᠵᠣᠪᠠᠯᠠᠩ ᠵᠢᠷᠭᠠᠯ ᠬᠣᠶᠠᠷ ᠢ᠋ ᠠᠷᠢᠯᠭᠠᠭᠠᠳ ᠠᠮᠤᠭᠤᠯᠠᠩ ᠤ᠋ᠨ ᠡᠬᠢ ᠪᠡᠯᠡᠭ ᠬᠦᠯᠢᠶᠡᠬᠦ》 ᠭᠡᠮᠡᠨ ᠠᠢᠯᠠᠳᠤᠯ᠎ᠠ᠃
2025.03.18
ᠮᠣᠭᠠᠢ ᠵᠢᠯ᠂ ᠪᠠᠷᠰ ᠰᠠᠷ᠎ᠠ ᠶ᠋ᠢᠨ 19 ᠦ᠌ ᠤᠯᠠᠭᠠᠨ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠷᠴᠢᠯᠠᠩ ᠤ᠋ᠨ ᠵᠠᠪᠰᠠᠷ ᠲᠤ᠌ ᠠᠵᠤ ᠠᠮᠢᠳᠤᠷᠠᠯ ᠤ᠋ᠨ ᠶᠧᠯᠸᠢ ᠲᠡᠢ ᠶᠢᠷᠲᠢᠨᠴᠦ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄《ᠰᠤᠳᠤᠷ ᠲᠠᠷᠨᠢ ᠶ᠋ᠢ ᠬᠣᠣᠰᠯᠠᠨ ᠪᠠᠷᠢᠭᠠᠳ ᠪᠦᠭᠦᠳᠡ ᠶ᠋ᠢ ᠮᠡᠳᠡᠭᠴᠢ ᠰᠡᠳᠬᠢᠯ》 ᠭᠡᠮᠡᠨ ᠠᠢᠯᠠᠳᠤᠯ᠎ᠠ᠃
2025.03.19
ᠮᠣᠭᠠᠢ ᠵᠢᠯ᠂ ᠪᠠᠷᠰ ᠰᠠᠷ᠎ᠠ ᠶ᠋ᠢᠨ 20 ᠤ᠋ ᠤᠯᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠰᠡᠳᠬᠢᠯ ᠳ᠋ᠦ᠍ ᠵᠣᠬᠢᠰᠲᠠᠢ ᠲᠠᠬᠢᠯ ᠤ᠋ᠨ ᠡᠭᠦᠯᠡᠨ ᠪᠠᠭᠠᠭᠢᠭᠤᠯᠵᠤ ᠵᠠᠯᠪᠠᠷᠢᠳᠠᠭ ᠬᠥᠮᠦᠨ ᠳ᠋ᠦ᠍ ᠢᠲᠡᠭᠡᠯᠲᠦ ᠪᠠᠭᠰᠢ᠄《ᠦᠵᠡᠵᠦ ᠰᠣᠨᠣᠰᠴᠤ ᠳᠤᠷᠠᠳᠴᠤ ᠶᠠᠪᠤᠭᠰᠠᠨ ᠬᠡᠷᠡᠭ ᠪᠦᠭᠦᠳᠡ ᠶ᠋ᠢᠨ ᠨᠣᠮ ᠤ᠋ᠨ ᠶᠣᠰᠣᠭᠠᠷ ᠪᠦᠲᠦᠭ》 ᠭᠡᠮᠡᠨ ᠠᠢᠯᠠᠳᠤᠯ᠎ᠠ᠃
2025.03.20
ᠮᠣᠭᠠᠢ ᠵᠢᠯ᠂ ᠪᠠᠷᠰ ᠰᠠᠷ᠎ᠠ ᠶ᠋ᠢᠨ 21 ᠦ᠌ ᠰᠢᠷ᠎ᠠ ᠬᠤᠯᠤᠭᠠᠨ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠣᠷᠴᠢᠯᠠᠩ ᠤ᠋ᠨ ᠲᠣᠭᠣᠰᠣ ᠪᠦᠭᠦᠳᠡ ᠶ᠋ᠢᠨ ᠬᠡᠷᠡᠯᠳᠦᠬᠦ ᠨᠢ ᠦᠵᠡᠭᠳᠡᠨ᠎ᠡ᠃ ᠢᠲᠡᠭᠡᠯᠲᠦ ᠪᠠᠭᠰᠢ᠄《ᠣᠶᠤᠨ ᠪᠢᠯᠢᠭ ᠲᠡᠢ ᠬᠡᠨ ᠴᠦ᠍ ᠪᠠᠢᠪᠠᠯ ᠪᠦᠭᠦᠳᠡ ᠪᠤᠷᠬᠠᠳ》 ᠭᠡᠮᠡᠨ ᠠᠢᠯᠠᠳᠤᠯ᠎ᠠ᠃
2025.03.21
ᠮᠣᠭᠠᠢ ᠵᠢᠯ᠂ ᠪᠠᠷᠰ ᠰᠠᠷ᠎ᠠ ᠶ᠋ᠢᠨ 22  ᠊ᠤᠨ ᠰᠢᠷᠠᠭᠴᠢᠨ ᠦᠬᠡᠷ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ᠄《ᠰᠦᠵᠢᠭ ᠲᠡᠢ ᠰᠦᠵᠢᠭ ᠦᠭᠡᠢ ᠶ᠋ᠢᠨ ᠢᠯᠭᠠᠭ᠎ᠠ ᠶᠠᠭᠤ ᠶᠤᠮ?》 ᠭᠡᠵᠦ ᠠᠰᠠᠭᠤᠨ᠎ᠠ᠃ ᠢᠲᠡᠭᠡᠯᠲᠦ ᠪᠠᠭᠰᠢ᠄《ᠣᠳᠣ ᠡᠨᠳᠡ ᠭᠡᠳᠡᠭ ᠨᠢ ᠰᠦᠵᠢᠭᠲᠡᠨ ᠦ᠌》 ᠭᠡᠮᠡᠨ ᠠᠢᠯᠠᠳᠤᠯ᠎ᠠ᠃
2025.03.22
ᠮᠣᠭᠠᠢ ᠵᠢᠯ᠂ ᠪᠠᠷᠰ ᠰᠠᠷ᠎ᠠ ᠶ᠋ᠢᠨ 23 ᠤ᠋ ᠴᠠᠭᠠᠨ ᠪᠠᠷᠰ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠯᠠᠮᠠ ᠸᠴᠢᠷ ᠬᠣᠩᠬᠣ ᠲᠠᠢ ᠪᠠᠭᠰᠢ ᠳ᠋ᠤ᠌ ᠵᠠᠯᠪᠠᠷᠢᠵᠤ ᠪᠠᠢᠨ᠎ᠠ᠃ ᠢᠲᠡᠭᠡᠯᠲᠦ ᠪᠠᠭᠰᠢ᠄ 《ᠸᠴᠢᠷ ᠲᠡᠢ ᠪᠠᠭᠰᠢ ᠲᠠᠢ ᠨᠢᠭᠡ ᠮᠥᠨ ᠴᠢᠨᠠᠷ ᠲᠠᠢ ᠪᠣᠯᠤᠭ᠎ᠠ》 ᠭᠡᠮᠡᠨ ᠠᠢᠯᠠᠳᠤᠯ᠎ᠠ᠃
2025.03.23
ᠮᠣᠭᠠᠢ ᠵᠢᠯ᠂ ᠪᠠᠷᠰ ᠰᠠᠷ᠎ᠠ ᠶ᠋ᠢᠨ 24 ᠦ᠌ ᠴᠠᠭᠠᠭᠴᠢᠨ ᠲᠠᠤᠯᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠰᠠᠢᠨ ᠢᠵᠠᠭᠤᠷᠲᠠᠨ ᠤ᠋ ᠰᠢᠳᠢ ᠬᠦᠴᠦᠨ ᠳ᠋ᠦ᠍ ᠭᠡᠵᠦ ᠰᠣᠨᠣᠰᠤᠭᠳᠠᠭ᠎ᠠ᠃ ᠢᠲᠡᠭᠡᠯᠲᠦ ᠪᠠᠭᠰᠢ᠄《ᠪᠤᠷᠬᠠᠨ ᠤ᠋ ᠵᠣᠬᠢᠯᠳᠤᠬᠤ ᠠᠷᠭ᠎ᠠ ᠣᠯᠠᠨ》 ᠭᠡᠮᠡᠨ ᠠᠢᠯᠠᠳᠤᠯ᠎ᠠ᠃
2025.03.24
ᠮᠣᠭᠠᠢ ᠵᠢᠯ᠂ ᠪᠠᠷᠰ ᠰᠠᠷ᠎ᠠ ᠶ᠋ᠢᠨ 25 ᠤ᠋ ᠬᠠᠷ᠎ᠠ ᠯᠤᠤ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠡᠷᠳᠡᠨᠢᠲᠦ ᠶᠡᠬᠡ ᠦᠢᠯᠡ ᠪᠦᠲᠦᠭᠡᠵᠦ ᠪᠠᠢᠨ᠎ᠠ᠃ ᠢᠲᠡᠭᠡᠯᠲᠦ ᠪᠠᠭᠰᠢ᠄《ᠴᠣᠭᠲᠤ ᠤᠴᠠᠷᠠᠯ ᠤ᠋ᠨ ᠪᠠᠶᠠᠰᠬᠤᠯᠠᠩ ᠳᠡᠯᠭᠡᠷᠡᠭ》 ᠭᠡᠮᠡᠨ ᠠᠢᠯᠠᠳᠤᠯ᠎ᠠ᠃
2025.03.25
ᠮᠣᠭᠠᠢ ᠵᠢᠯ᠂ ᠪᠠᠷᠰ ᠰᠠᠷ᠎ᠠ ᠶ᠋ᠢᠨ 26 ᠤ᠋ ᠬᠠᠷᠠᠭᠴᠢᠨ ᠮᠣᠭᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠤᠴᠠ ᠲᠠᠷᠨᠢ ᠶ᠋ᠢ ᠵᠠᠯᠭᠠᠮᠵᠢᠯᠠᠨ ᠶᠠᠪᠤᠭᠰᠠᠨ ᠪᠯᠠᠮ᠎ᠠ ᠳ᠋ᠤ᠌ ᠢᠲᠡᠭᠡᠯᠲᠦ ᠪᠠᠭᠰᠢ᠄《ᠱᠠᠵᠢᠨ ᠳ᠋ᠤ᠌ ᠬᠠᠷᠰᠢᠯᠠᠬᠤ ᠪᠦᠭᠦᠳᠡ ᠶ᠋ᠢ ᠲᠣᠨᠢᠯᠤᠭᠤᠯ》 ᠭᠡᠮᠡᠨ ᠠᠢᠯᠠᠳᠤᠯ᠎ᠠ᠃
2025.03.26
ᠮᠣᠭᠠᠢ ᠵᠢᠯ᠂ ᠪᠠᠷᠰ ᠰᠠᠷ᠎ᠠ ᠶ᠋ᠢᠨ 27 ᠤ᠋ ᠬᠥᠬᠡ ᠮᠣᠷᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠬᠥᠳᠡᠭᠡ ᠯᠠᠮᠠ ᠠᠢᠯ ᠳ᠋ᠤ᠌ ᠰᠠᠬᠢᠭᠤᠰᠤ ᠬᠤᠷᠠᠭᠠᠳ ᠨᠠᠩᠴᠢᠳ ᠬᠦᠷᠲᠡᠭᠡᠳ ᠶᠠᠰᠤ ᠮᠥᠯᠵᠢᠵᠦ ᠰᠠᠭᠤᠨ᠎ᠠ᠃ ᠢᠲᠡᠭᠡᠯᠲᠦ ᠪᠠᠭᠰᠢ᠄《ᠲᠠᠷᠨᠢ ᠶ᠋ᠢᠨ ᠦᠢᠯᠡ ᠪᠦᠲᠦᠭᠡᠯ ᠲᠡᠢ ᠰᠢᠳᠢ ᠳ᠋ᠦ᠍ ᠬᠣᠷᠢᠭᠤᠯ ᠦᠭᠡᠢ》 ᠭᠡᠮᠡᠨ ᠠᠢᠯᠠᠳᠤᠯ᠎ᠠ᠃
2025.03.27
ᠮᠣᠭᠠᠢ ᠵᠢᠯ᠂ ᠪᠠᠷᠰ ᠰᠠᠷ᠎ᠠ ᠶ᠋ᠢᠨ 28 ᠤ᠋ ᠬᠥᠬᠡᠭᠴᠢᠨ ᠬᠣᠨᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠴᠠᠭᠠᠨ ᠯᠣᠩᠬᠣ ᠶ᠋ᠢᠨ ᠱᠣᠱᠣᠯᠣᠭ ᡂᠨ ᠤᠭ ᠤᠳᠤᠮ ᠢ᠋ᠶ᠋ᠠᠷ ᠪᠦᠭᠦᠳᠡ ᠢᠳᠢ ᠰᠢᠳᠢᠲᠡᠨ ᠭᠡᠵᠦ ᠲᠣᠳᠣᠷᠠᠭᠰᠠᠨ ᠪᠠᠢᠨ᠎ᠠ᠃ ᠢᠲᠡᠭᠡᠯᠲᠦ ᠪᠠᠭᠰᠢ᠄《ᠢᠳᠠᠮ ᠲᠡᠭᠷᠢ ᠰᠢᠲᠦᠬᠦ ᠳ᠋ᠦ᠍ ᠢᠳᠢ ᠰᠢᠳᠢ ᠬᠠᠢᠷᠠᠯᠠᠬᠤ》 ᠭᠡᠮᠡᠨ ᠠᠢᠯᠠᠳᠤᠯ᠎ᠠ᠃
2025.03.28
ᠮᠣᠭᠠᠢ ᠵᠢᠯ᠂ ᠪᠠᠷᠰ ᠰᠠᠷ᠎ᠠ ᠶ᠋ᠢᠨ 29 ᠦ᠌ ᠤᠯᠠᠭᠠᠨ ᠪᠠᠴᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠡᠬᠡ ᠣᠷᠣᠨ ᠬᠠᠮᠠᠭᠠᠯᠠᠬᠤ ᠵᠠᠯᠠᠭᠤ ᠬᠥᠪᠡᠭᠦᠳ ᠴᠡᠷᠢᠭ ᠦ᠋ᠨ ᠠᠯᠪᠠᠨ ᠳ᠋ᠤ᠌ ᠶᠠᠪᠤᠵᠤ ᠪᠠᠢᠨ᠎ᠠ᠃ ᠢᠲᠡᠭᠡᠯᠲᠦ ᠪᠠᠭᠰᠢ᠄《ᠲᠡᠢᠨ ᠦ᠌ ᠠᠮᠠ ᠬᠠᠭᠠᠭᠠᠳ ᠰᠠᠨᠠᠭᠰᠠᠨ ᠬᠡᠷᠡᠭ ᠢ᠋ ᠪᠦᠲᠦᠭᠡᠭ᠌ᠳᠢ[бүтээгты]》 ᠭᠡᠮᠡᠨ ᠠᠢᠯᠠᠳᠤᠯ᠎ᠠ᠃
2025.03.29
ᠮᠣᠭᠠᠢ ᠵᠢᠯ᠂ ᠪᠠᠷᠰ ᠰᠠᠷ᠎ᠠ ᠶ᠋ᠢᠨ 30 ᠤ᠋ ᠤᠯᠠᠭᠴᠢᠨ ᠲᠠᠬᠢᠶ᠎ᠠ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠯᠠᠮᠠ ᠨᠠᠷ ᠰᠠᠬᠢᠯ ᠰᠠᠨᠸᠠᠷᠲᠠᠨ ᠳ᠋ᠤ᠌ ᠪᠣᠯᠤᠨ ᠲᠠᠩᠭᠠᠷᠢᠭᠲᠠᠨ ᠳ᠋ᠤ᠌ ᠳ᠋ᠦᠢᠴᠢᠨ ᠡᠳᠦᠷ ᠦ᠋ᠨ ᠶᠣᠰᠣᠯᠠᠯ ᠪᠦᠲᠦᠭᠡᠪᠡ᠃ ᠢᠲᠡᠭᠡᠯᠲᠦ ᠪᠠᠭᠰᠢ᠄《ᠶᠡᠬᠡ ᠭᠦᠯᠭᠡᠨ ᠦ᠌ ᠭᠣᠣᠯ ᠬᠡᠷᠡᠭ ᠪᠣᠯᠤᠨ ᠰᠢᠲᠦᠨ ᠪᠠᠷᠢᠯᠳᠤᠯᠭ᠎ᠠ ᠶ᠋ᠢᠨ ᠦᠵᠡᠭᠳᠡᠯ 》 ᠭᠡᠮᠡᠨ ᠠᠢᠯᠠᠳᠤᠯ᠎ᠠ᠃
2025.03.30
ᠮᠣᠭᠠᠢ ᠵᠢᠯ᠂ ᠲᠠᠤᠯᠠᠢ ᠰᠠᠷ᠎ᠠ ᠶ᠋ᠢᠨ 1 ᠦ᠌ ᠰᠢᠷ᠎ᠠ ᠨᠣᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄ ᠮᠡᠳᠡᠯᠴᠢᠨ ᠳ᠋ᠦ᠍ ᠢᠲᠡᠭᠡᠯᠲᠦ ᠪᠠᠭᠰᠢ᠄《ᠬᠠᠮᠤᠭ ᠠᠮᠢᠲᠠᠨ ᠳ᠋ᠤ᠌ ᠠᠮᠤᠭᠤᠯᠠᠩ ᠪᠠᠢᠳᠠᠯ ᠲᠣᠭᠲᠠᠭ᠎ᠠ》 ᠭᠡᠮᠡᠨ ᠠᠢᠯᠠᠳᠤᠯ᠎ᠠ᠃
2025.03.31
ᠮᠣᠭᠠᠢ ᠵᠢᠯ᠂ ᠲᠠᠤᠯᠠᠢ ᠰᠠᠷ᠎ᠠ ᠶ᠋ᠢᠨ2 ᠤ᠋ ᠰᠢᠷᠠᠭᠴᠢᠨ ᠭᠠᠬᠠᠢ ᠡᠳᠦᠷ ᠦ᠋ᠨ ᠴᠠᠭ ᠠᠮᠵᠢᠯᠲᠠᠲᠠᠢ ᠠᠯᠬᠤᠬᠤ ᠶ᠋ᠢᠨ ᠲᠤᠯᠠ ᠢᠲᠡᠭᠡᠯᠲᠦ ᠬᠠᠮᠪᠤ ᠪᠯᠠᠮ᠎ᠠ ᠶ᠋ᠢᠨ ᠰᠤᠷᠭᠠᠯ᠄
ᠨᠢᠭᠡ ᠬᠥᠮᠦᠨ ᠄《ᠮᠤᠩᠬᠠᠭ ᠤ᠋ᠨ ᠬᠠᠷᠠᠩᠭᠤᠢ ᠶ᠋ᠢ ᠠᠷᠢᠯᠭᠠᠨ ᠰᠣᠶᠣᠷᠬ᠎ᠠ》 ᠭᠡᠨ᠎ᠡ᠃ ᠢᠲᠡᠭᠡᠯᠲᠦ ᠪᠠᠭᠰᠢ᠄《8 ᠯᠤᠤᠰ ᠢ᠋ ᠨᠣᠮᠣᠬᠠᠳᠬᠠᠬᠤ ᠰᠠᠨᠠᠭ᠎ᠠ ᠭᠠᠷᠤᠨ᠎ᠠ》 ᠭᠡᠮᠡᠨ ᠠᠢᠯᠠᠳᠤᠯ᠎ᠠ᠃
-------------------------
* ᠯᠠᠮᠠᠳᠠᠩ
ᠣᠶᠤᠨ ᠤᠬᠠᠭᠠᠨ ᠮᠠᠰᠢ ᠰᠠᠢᠨ ᠴᠡᠭᠴᠡᠷᠡᠵᠦ ᠰᠠᠢᠵᠢᠷᠠᠬᠤ ᠠ᠋ᠴᠠ ᠭᠠᠳᠠᠨ᠎ᠠ ᠦᠭᠡ ᠶᠠᠷᠢᠶ᠎ᠠ ᠢᠷᠠᠭᠤ ᠲᠣᠳᠣᠷᠬᠠᠢ ᠪᠣᠯᠬᠤ᠂ ᠰᠡᠳᠬᠢᠯ ᠳ᠋ᠦ᠍ ᠪᠠᠢᠭ᠎ᠠ ᠮᠤᠩᠬᠠᠭ ᠤ᠋ᠨ ᠲᠦᠢᠳᠬᠡᠷ ᠳᠠᠷᠤᠭᠳᠠᠬᠤ᠂ ᠴᠢᠬᠢ ᠰᠣᠷᠭᠣᠭ᠂ ᠬᠠᠷᠠᠭ᠎ᠠ ᠬᠤᠷᠴᠠ ᠪᠣᠯᠬᠤ᠂ ᠣᠢ ᠲᠣᠭᠲᠠᠭᠠᠯᠲᠠ ᠰᠠᠢᠵᠢᠷᠠᠬᠤ᠂ ᠥᠪᠡᠷ ᠪᠤᠰᠤᠳ ᠤ᠋ᠨ ᠲᠤᠰᠠ ᠳ᠋ᠤ᠌ ᠬᠢᠵᠦ ᠪᠣᠢ ᠠᠯᠢᠪᠠ ᠦᠢᠯᠡᠰ ᠰᠠᠭᠠᠳ ᠦᠭᠡᠢ ᠲᠦᠷᠭᠡᠨ ᠪᠦᠲᠦᠬᠦ ᠤᠴᠢᠷᠲᠠᠢ᠃
ᠶᠠᠭᠤᠨ ᠤ᠋ ᠡᠮᠦᠨ᠎ᠡ ᠣᠷᠣᠨ ᠪᠠᠢᠷᠢ ᠪᠠᠨ ᠰᠠᠢᠲᠤᠷ ᠴᠡᠪᠡᠷᠯᠡᠭᠡᠳ ᠮᠠᠨᠽᠤᠰᠢᠷᠢ ᠪᠤᠷᠬᠠᠨ ᠳ᠋ᠤ᠌ ᠪᠠᠨ ᠲᠠᠬᠢᠯ᠂ ᠠᠷᠴᠠ᠂ ᠬᠦᠵᠢ ᠪᠡᠨ ᠡᠷᠭᠦᠭᠡᠳ᠂ ᠡᠮᠦᠨ᠎ᠡ ᠨᠢ ᠪᠢᠰᠢᠯᠭᠠᠯ ᠤ᠋ᠨ ᠪᠠᠢᠳᠠᠯ ᠲᠠᠢ ᠰᠠᠭᠤᠭᠠᠳ ᠤᠩᠰᠢᠨ᠎ᠠ᠃
ᠢᠩᠭᠢᠬᠦ ᠳ᠋ᠦ᠍ ᠪᠡᠨ ᠪᠢ ᠭᠠᠭᠴᠠ ᠥᠪᠡᠷ ᠦ᠋ᠨ ᠲᠤᠰᠠ ᠶ᠋ᠢᠨ ᠲᠤᠯᠠᠳᠠ ᠪᠤᠰᠤ ᠠᠪᠤ᠂ ᠡᠵᠢ᠂ ᠠᠬ᠎ᠠ ᠳᠡᠭᠦᠦ᠂ ᠨᠠᠢᠵᠠ ᠨᠥᠬᠥᠳ᠂ ᠲᠠᠨᠢᠬᠤ ᠲᠠᠨᠢᠬᠤ ᠦᠭᠡᠢ ᠪᠦᠬᠦ ᠬᠥᠮᠦᠨ ᠠᠮᠢᠲᠠᠨ ᠳ᠋ᠤ᠌ ᠲᠤᠰᠠᠯᠠᠵᠤ ᠴᠢᠳᠠᠬᠤ ᠤᠬᠠᠭᠠᠨ ᠪᠢᠯᠢᠭ ᠲᠡᠢ ᠪᠣᠯᠬᠤ ᠶ᠋ᠢᠨ ᠲᠤᠯᠠᠳᠠ ᠭᠡᠮᠡᠨ ᠵᠣᠷᠢᠭᠤᠯᠵᠤ ᠤᠩᠰᠢᠭᠠᠷᠠᠢ᠃
ᠣᠶᠤᠨ ᠤᠬᠠᠭᠠᠨ ᠲᠡᠳᠬᠦᠭᠴᠢ ᠮᠠᠨᠽᠤᠰᠢᠷᠢ ᠪᠤᠷᠬᠠᠨ ᠤ᠋ ᠮᠠᠭᠲᠠᠭᠠᠯ / ᠮᠣᠩᠭᠣᠯ ᠣᠷᠴᠢᠭᠤᠯᠭ᠎ᠠ/
ᠠᠴᠢᠲᠤ ᠪᠯᠠᠮ᠎ᠠ ᠬᠢᠭᠡᠳ ᠢᠲᠡᠭᠡᠯ ᠪᠣᠯᠤᠭᠰᠠᠨ ᠭᠡᠲᠦᠯᠭᠡᠭᠴᠢ ᠵᠠᠮᠶᠠᠩ ᠳ᠋ᠤ᠌ ᠮᠥᠷᠭᠥᠶ᠎ᠡ᠃
ᠠᠯᠢᠨ ᠲᠡᠭᠦᠨ ᠦ᠌ ᠣᠶᠤᠨ ᠨᠢ ᠬᠣᠶᠠᠷ ᠲᠦᠢᠳᠬᠡᠷ ᠦ᠋ᠨ ᠡᠭᠦᠯᠡᠨ ᠡᠴᠡ ᠬᠠᠭᠠᠴᠠᠭᠰᠠᠨ ᠨᠠᠷᠠᠨ ᠮᠡᠲᠦ ᠠᠰᠤᠷᠤ ᠠᠷᠢᠯᠤᠨ ᠲᠣᠳᠣᠷᠠᠭᠰᠠᠨ ᠲᠤᠯᠠ᠃
ᠠᠬᠤᠢ ᠬᠡᠳᠦᠢ ᠤᠳᠬ᠎ᠠ ᠪᠦᠬᠦᠨ ᠦ᠌ ᠶᠣᠰᠣ ᠶ᠋ᠢ ᠪᠣᠯᠭᠣᠭᠠᠭᠰᠠᠨ ᠤ᠋ ᠲᠤᠯᠠ ᠥᠪᠡᠷ ᠦ᠋ᠨ ᠵᠢᠷᠦᠬᠡᠨ᠎ᠡ ᠰᠤᠳᠤᠷ ᠪᠠᠷᠢᠭᠰᠠᠨ᠃
ᠠᠯᠢᠪᠠ ᠰᠠᠨᠰᠠᠷ ᠤ᠋ᠨ ᠭᠢᠨᠳᠠᠨ ᠳ᠋ᠤ᠌ ᠮᠤᠩᠬᠠᠭ ᠤ᠋ᠨ ᠬᠠᠷᠠᠩᠭᠤᠢ ᠪᠠᠷ ᠮᠠᠨᠠᠷᠠᠨ [мэнэрэн] ᠵᠣᠪᠠᠯᠠᠩ ᠳ᠋ᠤ᠌ ᠨᠡᠷᠪᠡᠭᠳᠡᠭᠰᠡᠨ᠃
ᠠᠮᠢᠲᠠᠨ ᠪᠦᠬᠦᠨ ᠳ᠋ᠦ᠍ ᠭᠠᠭᠴᠠ ᠬᠦᠦ ᠮᠡᠲᠦ ᠡᠨᠡᠷᠢᠭᠰᠡᠨ ᠡᠴᠡ ᠵᠢᠷᠠᠨ ᠡᠭᠡᠰᠢᠭ ᠲᠡᠭᠦᠯᠳᠡᠷ ᠵᠠᠷᠯᠢᠭ ᠢ᠋᠃
ᠠᠳᠠ ᠪᠢᠰᠢ ᠯᠤᠤ ᠮᠡᠲᠦ ᠳᠠᠭᠤᠷᠢᠰᠬᠠᠨ ᠨᠢᠰᠸᠠᠨᠢᠰ ᠤ᠋ᠨ ᠨᠣᠢᠷ ᠠ᠋ᠴᠠ ᠰᠡᠷᠢᠭᠡᠵᠦ ᠦᠢᠯᠡ ᠶ᠋ᠢᠨ ᠲᠡᠮᠦᠷ ᠴᠢᠳᠥᠷ ᠡᠴᠡ ᠭᠡᠲᠦᠯᠭᠡᠨ ᠵᠣᠬᠢᠶᠠᠵᠤ᠃
ᠠᠳᠠᠭ ᠮᠤᠩᠬᠠᠭ ᠤ᠋ᠨ ᠬᠠᠷᠠᠩᠭᠤᠢ ᠶ᠋ᠢ ᠠᠷᠢᠯᠭᠠᠨ ᠵᠣᠪᠠᠯᠠᠩ ᠤ᠋ᠨ ᠦᠷ᠎ᠡ ᠬᠠᠷ᠎ᠠ ᠪᠦᠬᠦᠨ ᠢ᠋ ᠣᠭᠲᠣᠯᠬᠤ ᠢᠯᠳᠦ ᠪᠠᠷᠢᠭᠰᠠᠨ᠃
ᠠᠰᠢᠳᠠ ᠠ᠋ᠴᠠ ᠠᠷᠢᠯᠤᠭᠰᠠᠨ ᠠᠷᠪᠠᠨ ᠭᠠᠵᠠᠷ ᠤ᠋ᠨ ᠡᠴᠦᠰ ᠲᠦ᠍ ᠬᠦᠷᠴᠦ ᠡᠷᠳᠡᠮ ᠢ᠋ ᠣᠭᠣᠭᠠᠲᠠ ᠲᠡᠭᠦᠰᠬᠡᠭᠰᠡᠨ ᠢᠯᠠᠭᠤᠭᠰᠠᠨ ᠬᠥᠪᠡᠭᠦᠨ ᠦ᠌ ᠬᠦᠴᠦᠲᠦ ᠯᠠᠭᠱᠠᠨ᠃
ᠵᠠᠭᠤᠨ ᠠᠷᠪᠠᠨ ᠬᠣᠶᠠᠷ ᠮᠡᠯᠮᠡᠢ ᠶ᠋ᠢ ᠰᠠᠴᠤᠷᠠᠭᠤᠯᠤᠨ ᠮᠢᠨᠦ ᠮᠤᠩᠬᠠᠭ ᠤ᠋ᠨ ᠬᠠᠷᠠᠩᠭᠤᠢ ᠶ᠋ᠢ ᠠᠷᠢᠯᠭᠠᠭᠴᠢ ᠵᠠᠮᠶᠠᠩ ᠳ᠋ᠤ᠌ ᠮᠥᠷᠭᠥᠮᠦᠢ᠃

ᠮᠠᠨᠽᠤᠰᠢᠷᠢ ᠪᠤᠶᠤ ᠵᠠᠮᠶᠠᠩ ᠪᠤᠷᠬᠠᠨ ᠤ᠋ ᠯᠠᠭᠱᠠᠨ᠂ ᠪᠡᠶ᠎ᠡ᠂ ᠵᠠᠷᠯᠢᠭ᠂ ᠬᠡᠯᠡ᠂ ᠲᠠᠭᠠᠯᠠᠯ᠂ ᠰᠡᠳᠬᠢᠯ ᠦ᠋ᠨ ᠡᠷᠳᠡᠮ ᠢ᠋ ᠮᠠᠭᠲᠠᠨ ᠮᠥᠷᠭᠥᠭᠡᠳ ᠳᠣᠣᠷᠠᠬᠢ ᠲᠠᠷᠨᠢ ᠶ᠋ᠢ 3᠂7᠂21᠂108 ᠠᠯᠢ ᠪᠣᠯᠬᠤ ᠴᠢᠳᠠᠬᠤ ᠪᠠᠷ ᠢ᠋ᠶ᠋ᠠᠨ ᠣᠯᠠᠨ ᠤᠩᠰᠢᠭᠠᠷᠠᠢ᠃
ᠣᠮ ᠠ ᠷᠠ ᠪᠠ ᠵᠠ ᠨᠠ ᠳ᠋ᠢ ༄༅། ། ཨོཾ་ཨཱ་ར་པཱ་ཙ་ཎ་དྷིཿ ། ОМ А РА БА ЗА НА ДИ

ᠢᠷᠡᠯᠲᠡ᠄ ᠢᠪᠠᠯᠭ᠎ᠠ ᠶ᠋ᠢᠨ ᠳ᠋ᠠᠼᠠᠩ ( ᠬᠠᠮᠪᠤ ᠶ᠋ᠢᠨ ᠬᠦᠷᠢᠶ᠎ᠡ)
ᠦᠰᠦᠭ ᠠᠮᠢᠯᠠᠭᠤᠯᠤᠭᠴᠢ᠄ ᠠᠯᠲᠠᠨᠨᠠᠪᠴᠢ
ᠬᠢᠨᠠᠭᠴᠢ᠄ ᠣᠳᠬᠠᠨᠰᠣ᠎ᠠ