ᠡᠷᠡᠴᠦᠳ ᠢ᠋ᠶ᠋ᠡᠨ ᠥᠮᠥᠭᠡᠷᠡᠵᠦ ᠪᠢᠴᠢᠭᠰᠡᠨ ᠰᠢᠯᠦᠭ-ᠮ ᠪᠢᠯᠢᠭ᠌ᠰᠠᠢᠬᠠᠨЭрчүүдээ өмөөрч бичсэн шүлэг-М.Билэгсайхан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠴᠦᠳ ᠢ᠋ᠶ᠋ᠡᠨ ᠥᠮᠥᠭᠡᠷᠡᠵᠦ ᠪᠢᠴᠢᠭᠰᠡᠨ ᠰᠢᠯᠦᠭ-ᠮ ᠪᠢᠯᠢᠭ᠌ᠰᠠᠢᠬᠠᠨЭрчүүдээ өмөөрч бичсэн шүлэг-М.Билэгсайхан

ᠡᠷᠡᠴᠦᠳ ᠢ᠋ᠶ᠋ᠡᠨ ᠥᠮᠥᠭᠡᠷᠡᠵᠦ ᠪᠢᠴᠢᠭᠰᠡᠨ ᠰᠢᠯᠦᠭ-ᠮ ᠪᠢᠯᠢᠭ᠌ᠰᠠᠢᠬᠠᠨЭрчүүдээ өмөөрч бичсэн шүлэг-М.Билэгсайхан

2022-08-28

676

ᠡᠷᠡᠴᠦᠳ ᠢ᠋ᠶ᠋ᠡᠨ ᠥᠮᠥᠭᠡᠷᠡᠵᠦ ᠪᠢᠴᠢᠭᠰᠡᠨ ᠰᠢᠯᠦᠭ 

        ᠮᠥᠩᠬᠡ ᠶ᠋ᠢᠨ ᠪᠢᠯᠢᠭ᠌ᠰᠠᠢᠬᠠᠨ 

ᠡᠷ᠎ᠡ ᠬᠥᠮᠦᠨ ᠢ᠋ ᠲᠠᠨᠠᠷ ᠬᠠᠶᠠ ᠴᠤ᠌ ᠭᠡᠰᠡᠨ ᠬᠠᠢᠷᠠᠯᠠᠭᠠᠴᠢ 
ᠡᠷᠯᠢᠭ ᠲᠦ᠍ ᠶᠠᠪᠤᠴᠢᠬᠠᠬᠤ ᠡᠴᠡ ᠨᠢ ᠡᠮᠦᠨ᠎ᠡ ᠬᠠᠨᠢ ᠶ᠋ᠢᠨ ᠵᠢᠷᠭᠠᠯ ᠡᠳ᠋ᠯᠡᠭᠦᠯ ᠠ᠋ 
ᠡᠷ᠎ᠡ ᠨᠥᠬᠥᠷ ᠴᠢᠨᠢ ᠦᠭᠡᠢ ᠪᠣᠯ ᠭᠡᠷ ᠦ᠋ᠨ ᠴᠢᠨᠢ ᠵᠠᠢ ᠡᠵᠡᠭᠦᠢᠷᠡᠨ᠎ᠡ 
ᠡᠷᠳᠡᠮᠲᠦ ᠬᠥᠪᠡᠭᠦᠳ ᠨᠢ ᠦᠭᠡᠢ ᠪᠣᠯ ᠲᠥᠷᠥ ᠶ᠋ᠢᠨ ᠴᠢᠨᠢ ᠵᠠᠢ ᠡᠵᠡᠭᠦᠢᠷᠡᠨ᠎ᠡ 
ᠡᠷ᠎ᠡ ᠴᠡᠷᠢᠭ ᠴᠢᠨᠢ ᠦᠭᠡᠢ ᠪᠣᠯ ᠡᠬᠡ ᠣᠷᠣᠨ ᠴᠢᠨᠢ ᠡᠵᠡᠭᠦᠢᠷᠡᠨ᠎ᠡ 
ᠡᠷᠡᠴᠦᠳ ᠢ᠋ ᠲᠠᠨᠠᠷ ᠬᠠᠶᠠ ᠴᠤ᠌ ᠭᠡᠰᠡᠨ ᠬᠠᠢᠷᠠᠯᠠᠭᠠᠴᠢ 
ᠡᠷᠯᠢᠭ ᠲᠦ᠍ ᠶᠠᠪᠤᠴᠢᠬᠠᠬᠤ ᠡᠴᠡ ᠨᠢ ᠡᠮᠦᠨ᠎ᠡ ᠬᠠᠨᠢ ᠶ᠋ᠢᠨ ᠵᠢᠷᠭᠠᠯ ᠡᠳ᠋ᠯᠡᠭᠦᠯ ᠠ᠋ 
ᠬᠡᠯᠡ ᠨᠢ ᠲᠠᠩᠨᠠᠢ ᠪᠠᠨ ᠣᠯᠬᠤ ᠦᠭᠡᠢ ᠲᠤᠯᠲᠠᠴᠢᠵᠤ 
ᠬᠥᠯ ᠨᠢ ᠳᠡᠯᠡᠬᠡᠢ ᠪᠡᠨ ᠣᠯᠬᠤ ᠦᠭᠡᠢ ᠲᠡᠮᠲᠡᠴᠢᠵᠦ 
ᠬᠠᠶᠠ ᠨᠢᠭᠡ ᠬᠠᠯᠠᠮᠰᠠᠭᠤ ᠬᠥᠮᠦᠨ ᠢᠷᠡᠬᠦ ᠳ᠋ᠦ᠍ ᠨᠢ 
ᠬᠠᠷᠢᠶᠠᠯ ᠤ᠋ᠨ ᠦᠭᠡ ᠤᠷᠤᠰᠬᠠᠵᠤ
ᠬᠠᠯᠠᠭᠠᠰᠤ ᠶ᠋ᠢ ᠨᠢ ᠪᠢᠲᠡᠭᠡᠢ ᠬᠣᠭᠣᠰᠣᠯᠠ ᠠ᠋
ᠢᠨᠠᠭ ᠤ᠋ᠨ ᠵᠠᠬᠢᠶ᠎ᠠ ᠯᠠᠪ ᠭᠠᠷᠬᠤ ᠦᠭᠡᠢ ᠰᠢᠦ ᠳᠡ ᠨᠠᠭᠠᠳᠤᠬᠢ ᠡᠴᠡ ᠴᠢᠨᠢ
ᠶᠠᠭᠠᠬᠢᠬᠤᠪ ᠳᠠ ᠬᠥᠭᠡᠷᠦᠬᠦᠢ ᠰᠢᠷ᠎ᠠ ᠪᠠᠨ ᠲᠠᠢᠯᠬᠤ ᠶᠠᠭᠤᠮ᠎ᠠ ᠶ᠋ᠢ ᠨᠢ ᠦᠯᠡᠳᠡᠭᠡ ᠠ᠋
ᠳᠡᠪᠡᠯ ᠪᠥᠰᠡᠨ ᠭᠣᠶᠣᠯ ᠲᠠᠢ ᠳᠡᠭᠡᠷ᠎ᠡ ᠪᠡᠨ ᠮᠠᠯᠠᠭᠠᠢ ᠬᠡᠢᠮᠣᠷᠢ ᠲᠠᠢ
ᠠᠨᠳᠠ ᠶ᠋ᠢᠨ ᠢ᠋ᠶ᠋ᠡᠨ ᠳᠡᠷᠭᠡᠳᠡ ᠴᠣᠪᠣᠭᠣᠵᠢᠵᠤ ᠠᠪᠤ ᠶ᠋ᠢᠨ ᠢ᠋ᠶ᠋ᠡᠨ ᠬᠠᠷᠠᠴᠠᠨ ᠳ᠋ᠤ᠌ ᠲᠣᠮᠣᠭᠠᠵᠢᠳᠠᠭ
ᠢᠨᠠᠭ ᠤ᠋ᠨ ᠰᠡᠳᠬᠢᠯ ᠳ᠋ᠦ᠍ ᠨᠢᠯᠬᠠᠷᠠᠭᠰᠠᠨ ᠡᠷᠡᠴᠦᠳ ᠢ᠋ ᠶᠠᠩᠵᠢᠨᠯᠾᠠᠮᠣ ᠨᠤᠭᠤᠳ ᠮᠢᠨᠢ ᠥᠷᠥᠰᠢᠶᠡ
ᠠᠭᠤᠯᠠ ᠰᠢᠭ᠋ ᠶᠤᠮ ᠭᠡᠵᠦ ᠲᠠᠩᠳᠠ ᠪᠢᠲᠡᠭᠡᠢ ᠳᠠᠪᠠᠷᠠ
ᠡᠭᠦᠯᠡ ᠰᠢᠭ ᠨᠡᠭᠦᠭᠡᠳ ᠶᠠᠪᠤᠴᠢᠬᠠᠳᠠᠭ ᠶᠤᠮ
ᠤᠰᠤ ᠰᠢᠭ᠋ ᠤᠶᠠᠨ ᠭᠡᠵᠦ ᠲᠠᠩᠳᠠ ᠪᠢᠲᠡᠭᠡᠢ ᠰᠡᠮᠡᠷᠡ
ᠠᠭᠤᠷ ᠪᠣᠯᠤᠭᠠᠳ ᠳᠡᠭᠳᠡᠴᠢᠬᠡᠳᠡᠭ ᠶᠤᠮ
ᠲᠡᠭᠦᠯᠳᠡᠷ ᠶᠡᠬᠡ ᠤᠷᠮ᠎ᠠ ᠶ᠋ᠢ ᠨᠢ ᠪᠦᠷ ᠬᠤᠭᠤᠯᠴᠢᠬᠠᠪᠠᠯ
ᠲᠥᠷᠥᠭᠰᠡᠨ ᠰᠢᠭ ᠢ᠋ᠶ᠋ᠡᠨ ᠤᠷᠤᠭᠤ ᠪᠠᠨ ᠬᠠᠷᠠᠭᠠᠳ ᠤᠨᠠᠴᠢᠬᠠᠳᠠᠭ ᠶᠤᠮ
ᠬᠡᠴᠢᠨᠡᠨ ᠵᠢᠯ ᠠᠮᠢᠳᠤ ᠶᠠᠪᠤᠬᠤ ᠶ᠋ᠢ ᠮᠡᠳᠡᠵᠦ ᠪᠣᠯᠳᠠᠭ ᠦᠭᠡᠢ ᠣᠷᠴᠢᠯᠠᠩ ᠳᠡᠭᠡᠷ᠎ᠡ
ᠬᠡᠵᠢᠶ᠎ᠡ ᠬᠠᠮᠢᠭ᠎ᠠ ᠵᠢᠷᠭᠠᠨ᠎ᠠ ᠭᠡᠵᠦ ᠬᠡᠷᠡᠭᠦᠯ ᠦ᠋ᠨ ᠠᠯᠢᠮ᠎ᠠ ᠬᠤᠪᠢᠶᠠᠬᠤ ᠶᠤᠮ ᠪᠣᠢ
ᠬᠠᠵᠠᠢᠭᠰᠠᠨ ᠭᠠᠵᠠᠷ ᠲᠡᠳᠡᠨ ᠳ᠋ᠦ᠍ ᠴᠢᠨᠢ ᠪᠦᠪᠡᠢ᠎ ᠡᠵᠢ ᠲᠦᠰᠢᠭ ᠪᠣᠯᠳᠠᠭ ᠶᠤᠮ
ᠬᠠᠯᠲᠤᠷᠢᠭᠰᠠᠨ ᠭᠠᠵᠠᠷ ᠲᠡᠳᠡᠨ ᠳ᠋ᠦ᠍ ᠴᠢᠨᠢ ᠪᠦᠰᠡᠭᠦᠢ ᠬᠠᠢᠷ᠎ᠠ ᠨᠥᠮᠥᠷᠢ ᠪᠣᠯᠳᠠᠭ ᠶᠤᠮ
ᠥᠪᠡᠷ ᠢ᠋ ᠴᠢᠨᠢ ᠡᠵᠢ ᠪᠣᠯᠭᠠᠭᠰᠠᠨ ᠬᠥᠮᠦᠨ ᠦ᠌ ᠳᠡᠭᠡᠳᠦ ᠶᠤᠮ ᠰᠢᠦ ᠳᠡ
ᠦᠷ᠎ᠡ ᠶ᠋ᠢᠨ ᠴᠢᠨᠢ ᠡᠴᠢᠭᠡ ᠪᠣᠯᠤᠭᠰᠠᠨ ᠡᠷ᠎ᠡ ᠶ᠋ᠢᠨ ᠲᠩᠷᠢ ᠶᠤᠮ ᠰᠢᠦ ᠳᠡ
ᠡᠷ᠎ᠡ ᠬᠥᠮᠦᠨ ᠢ᠋ ᠲᠠᠨᠠᠷ ᠬᠠᠶᠠ ᠴᠤ᠌ ᠭᠡᠰᠡᠨ ᠬᠠᠢᠷᠠᠯᠠᠭᠠᠷᠠᠢ
ᠡᠷᠯᠢᠭ ᠲᠦ᠍ ᠶᠠᠪᠤᠴᠢᠬᠠᠬᠤ ᠡᠴᠡ ᠨᠢ ᠡᠮᠦᠨ᠎ᠡ ᠬᠠᠨᠢ ᠶ᠋ᠢᠨ ᠵᠢᠷᠭᠠᠯ ᠡᠳ᠋ᠯᠡᠭᠦᠯ ᠠ᠋
ᠣᠯᠠᠨ ᠣᠯᠠᠨ ᠠᠪᠠᠯᠢ ᠭᠡᠷᠭᠡᠢ ᠲᠠᠨᠠᠷ ᠠ᠋ᠴᠠ
ᠣᠯᠠᠨ ᠣᠯᠠᠨ ᠠᠪᠤ ᠶ᠋ᠢᠨ ᠬᠥᠪᠡᠭᠦᠳ ᠢ᠋
ᠥᠮᠥᠭᠡᠷᠡᠵᠦ ᠪᠢᠴᠢᠭᠰᠡᠨ ᠰᠢᠯᠦᠭ ᠢ᠋ ᠮᠢᠨᠢ ᠪᠣᠯᠭᠣᠭ᠎ᠠ
ᠥᠪᠡᠷ ᠦ᠋ᠨ ᠮᠢᠨᠢ ᠪᠡᠶ᠎ᠡ ᠶ᠋ᠢ ᠪᠢᠲᠡᠭᠡᠢ ᠪᠣᠯᠭᠣᠭ᠎ᠠ
ᠡᠷ᠎ᠡ ᠨᠥᠬᠥᠷ ᠴᠢᠨᠢ ᠦᠭᠡᠢ ᠪᠣᠯ ᠭᠡᠷ ᠦ᠋ᠨ ᠴᠢᠨᠢ ᠵᠠᠢ ᠡᠵᠡᠭᠦᠢᠷᠡᠨ᠎ᠡ
ᠡᠷᠳᠡᠮᠲᠦ ᠬᠥᠪᠡᠭᠦᠳ ᠨᠢ ᠦᠭᠡᠢ ᠪᠣᠯ ᠲᠥᠷᠥ ᠶ᠋ᠢᠨ ᠴᠢᠨᠢ ᠵᠠᠢ ᠡᠵᠡᠭᠦᠢᠷᠡᠨ᠎ᠡ
ᠡᠷ᠎ᠡ ᠴᠡᠷᠢᠭ ᠴᠢᠨᠢ ᠦᠭᠡᠢ ᠪᠣᠯ ᠡᠬᠡ ᠣᠷᠣᠨ ᠴᠢᠨᠢ ᠡᠵᠡᠭᠦᠢᠷᠡᠨ᠎ᠡ
ᠡᠷ᠎ᠡ ᠬᠥᠮᠦᠨ ᠢ᠋ ᠲᠠᠨᠠᠷ ᠬᠠᠶᠠ ᠴᠤ᠌ ᠭᠡᠰᠡᠨ ᠬᠠᠢᠷᠠᠯᠠ
ᠡᠷᠯᠢᠭ ᠲᠦ᠍ ᠶᠠᠪᠤᠴᠢᠬᠠᠬᠤ ᠡᠴᠡ ᠨᠢ ᠡᠮᠦᠨ᠎ᠡ ᠬᠠᠨᠢ ᠶ᠋ᠢᠨ ᠵᠢᠷᠭᠠᠯ ᠡᠳ᠋ᠯᠡᠭᠦᠯ ᠠ᠋ ᠶᠠᠩᠵᠢᠨᠯᠾᠠᠮᠣ ᠨᠤᠭᠤᠳ ᠮᠢᠨᠢ᠃

ЭРЧҮҮДЭЭ ӨМӨӨРЧ БИЧСЭН ШҮЛЭ
Мөнхөөгийн Билэгсайхан

Эр хүнийг та нар хаяа ч гэсэн хайрлаач
Эрлэгт явчихаас нь өмнө ханийн жаргал эдлүүлээ
Эр нөхөр чинь үгүй бол гэрийн чинь зай эзгүйрнэ
Эрдэмт хөвүүд нь үгүй бол төрийн чинь зай эзгүйрнэ
Эр цэрэг чинь үгүй бол эх орон чинь эзгүйрнэ
Эрчүүдийг та нар хаяа ч гэсэн хайрлаач
Эрлэгт явчихаас нь өмнө ханийн жаргал эдлүүлээ
Хэл нь тагнаагаа олохгүй тультчиж
Хөл нь дэлхийгээ олохгүй тэмтчиж
Хаяа нэг халанцуухан ирэхэд нь
Хараалын үг урсгаж халаасыг нь битгий хоослоо
Янагийн захиа лав гарахгүй шүү дээ наанаас чинь
Яахав дээ хөөрхий шараа тайлах юмыг нь үлдээ
Дээл бүсэн гоёлтой дээрээ малгай хийморьтой
Андынхаа дэргэд цовоожиж аавынхаа харцанд томоождог
Янагийн сэтгэлд нялхарсан эрчүүдийг Янжинлхамууд минь өршөө
Уул шиг юм гэж дандаа битгий давар
Үүл шиг нүүгээд явчихдаг юм
Ус шиг уян гэж дандаа битгий самар
Уур болоод дэгдчихдэг юм
Төгөлдөр их урмыг бүр хугалчихвал
Төрсөн шигээ урвуугаа хараад уначихдаг юм
Хичнээн жил амьд явахыг мэдэж болдоггүй орчлон дээр
Хэзээ хаана жаргана гэж хэрүүлийн алим хуваах вэ
Хазайсан газар тэдэнд чинь бүүвэй ээжий түшиг болдог юм
Хальтарсан газар тэдэнд чинь бүсгүй хайр нөмөр болдог юм
Өөрийг чинь ээж болгосон хүний дээд юм шүү дээ
Үрийн чинь эцэг болсон эрийн тэнгэр юм шүү дээ
Эр хүнийг та нар хаяа ч гэсэн хайрлаарай
Эрлэгт явчихаас нь өмнө ханийн жаргал эдлүүлээ
Олон олон авайл гэргий та нараас
Олон олон аавын хөвгүүдийг
Өмөөрч бичсэн шүлгийг минь болгоо
Өөрийн минь биеийг битгий болгоо
Эр нөхөр чинь үгүй бол гэрийн чинь зай эзгүйрнэ
Эрдэмт хөвүүд нь үгүй бол төрийн чинь зай эзгүйрнэ
Эр цэрэг чинь үгүй бол эх орон чинь эзгүйрнэ
Эр хүнийг та нар хаяа ч гэсэн хайрла
Эрлэгт явчихаас нь өмнө ханийн жаргал эдлүүл Янжинлхамууд минь.