ᠭᠡᠷᠡᠯᠲᠦ-ᠡᠩᠬᠡᠴᠡᠴᠡᠭ Гэрэлт-Энхцэцэг-Enkhtsetseg - Gerelt ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷᠡᠯᠲᠦ-ᠡᠩᠬᠡᠴᠡᠴᠡᠭ Гэрэлт-Энхцэцэг-Enkhtsetseg - Gerelt

ᠭᠡᠷᠡᠯᠲᠦ-ᠡᠩᠬᠡᠴᠡᠴᠡᠭ Гэрэлт-Энхцэцэг-Enkhtsetseg - Gerelt

ᠠᠩᠭᠢᠯᠠᠯ:ᠳᠠᠭᠤᠤ ᠬᠥᠭᠵᠢᠮ
2025-04-08

781

ᠭᠡᠷᠡᠯᠲᠦ

  ᠦᠭᠡ ᠄  ᠰ· ᠶᠣᠨᠳᠣᠩᠰᠢᠷᠠᠪ  
  ᠠᠶ᠎ᠠ ᠄  ᠡ᠊· ᠡᠷᠡᠪᠣᠯᠤᠳ 
  ᠳᠠᠭᠤᠴᠢᠨ ᠄  ᠭᠡ᠊ · ᠡᠩᠬᠡᠴᠡᠴᠡᠭ  

ᠭᠡᠭᠡᠨ ᠰᠠᠢᠬᠠᠨ ᠢ᠋ᠶ᠋ᠠᠷ ᠢ᠋ᠶ᠋ᠠᠨ  ᠨᠢᠳᠦ ᠪᠡᠨ ᠨᠡᠭᠡᠭᠡᠭᠡᠳ 
ᠭᠤᠨᠢᠭ ᠦᠷᠭᠦᠭᠡᠵᠦ ᠢᠨᠢᠶᠡᠬᠦ ᠪᠢ ᠳᠤᠷᠠᠲᠠᠢ 
ᠮᠠᠷᠭᠠᠰᠢ ᠭᠣᠶᠣ ᠡᠳᠦᠷ ᠪᠠᠢᠭᠠᠰᠠᠢ ᠭᠡᠳ  
ᠮᠠᠨᠳᠤᠬᠤ ᠨᠠᠷᠠ ᠶ᠋ᠢ ᠬᠠᠷᠠᠬᠤ ᠪᠢ ᠳᠤᠷᠠᠲᠠᠢ 
ᠰᠡᠳᠬᠢᠯ ᠡᠴᠡ ᠪᠡᠨ ᠭᠡᠷᠡᠯᠲᠦ ᠴᠢ ᠴᠢᠳᠠᠨ᠎ᠠ  
ᠪᠣᠳᠣᠯ ᠢ᠋ᠶ᠋ᠠᠷ ᠢ᠋ᠶ᠋ᠠᠨ ᠭᠡᠭᠡᠷᠡ ᠴᠢ ᠪᠠᠰᠠ ᠴᠢᠳᠠᠨ᠎ᠠ 
ᠵᠦᠭᠡᠷ ᠯᠡ ᠭᠡᠷᠡᠯᠲᠦ ᠭᠡᠷᠡᠯ ᠲᠦᠭᠡᠭᠡ
ᠲᠡᠢᠮᠦ ᠯᠠ ᠭᠣᠶᠣ ᠣᠷᠴᠢᠯᠠᠩ ᠢ᠋ ᠪᠢᠳᠡ ᠬᠦᠰᠡᠨ᠎ᠡ

ᠵᠣᠪᠠᠭᠰᠠᠨ ᠪᠦᠬᠦᠨ ᠳ᠋ᠦ᠍ ᠰᠡᠳᠬᠢᠯ ᠢ᠋ᠶ᠋ᠡᠨ ᠨᠡᠭᠡᠭᠡᠭᠡᠳ
ᠵᠣᠷᠢᠯᠭ᠎ᠠ ᠪᠠᠨ ᠳᠦᠭᠦᠷᠭᠡᠭᠡᠳ ᠪᠠᠶᠠᠰᠬᠤ ᠪᠢ ᠳᠤᠷᠠᠲᠠᠢ
ᠦᠷᠦ ᠵᠢᠷᠦᠬᠡ ᠬᠠᠢᠷ᠎ᠠ ᠳᠦᠭᠦᠷᠡᠩ ᠬᠡᠷᠡᠯᠳᠦᠭᠡᠰᠡᠢ
ᠥᠭᠯᠢᠭᠡ ᠶ᠋ᠢᠨ ᠢᠷᠥᠭᠡᠯ ᠢ᠋ᠶ᠋ᠡᠷ ᠥᠭᠬᠦ ᠳᠤᠷᠠᠲᠠᠢ
ᠰᠡᠳᠬᠢᠯ ᠡᠴᠡ ᠪᠡᠨ ᠭᠡᠷᠡᠯᠲᠦ ᠴᠢ ᠴᠢᠳᠠᠨ᠎ᠠ
ᠪᠣᠳᠣᠯ ᠢ᠋ᠶ᠋ᠠᠷ ᠢ᠋ᠶ᠋ᠠᠨ ᠭᠡᠭᠡᠷᠡ ᠴᠢ ᠪᠠᠰᠠ ᠴᠢᠳᠠᠨ᠎ᠠ
ᠵᠦᠭᠡᠷ ᠯᠡ ᠭᠡᠷᠡᠯᠲᠦ ᠭᠡᠷᠡᠯ ᠲᠦᠭᠡᠭᠡ
ᠲᠡᠢᠮᠦ ᠯᠠ ᠭᠣᠶᠣ ᠣᠷᠴᠢᠯᠠᠩ ᠢ᠋ ᠪᠢᠳᠡ ᠬᠦᠰᠡᠨ᠎ᠡ
   

ᠰᠡᠳᠬᠢᠯ ᠡᠴᠡ ᠪᠡᠨ ᠭᠡᠷᠡᠯᠲᠦ ᠴᠢ ᠴᠢᠳᠠᠨ᠎ᠠ
ᠪᠣᠳᠣᠯ ᠢ᠋ᠶ᠋ᠠᠷ ᠢ᠋ᠶ᠋ᠠᠨ ᠭᠡᠭᠡᠷᠡ ᠴᠢ ᠪᠠᠰᠠ ᠴᠢᠳᠠᠨ᠎ᠠ
ᠵᠦᠭᠡᠷ ᠯᠡ ᠭᠡᠷᠡᠯᠲᠦ ᠭᠡᠷᠡᠯ ᠲᠦᠭᠡᠭᠡ
ᠲᠡᠢᠮᠦ ᠯᠠ ᠭᠣᠶᠣ ᠣᠷᠴᠢᠯᠠᠩ ᠢ᠋ ᠪᠢᠳᠡ ᠬᠦᠰᠡᠨ᠎ᠡ
ᠰᠠᠨᠠᠭᠰᠠᠨ ᠰᠠᠷᠠᠭᠤᠯ ᠦᠢᠯᠡᠰ ᠢ᠋ᠶ᠋ᠡᠨ ᠪᠦᠲᠦᠭᠡᠳᠡᠭ
ᠰᠠᠢᠨ ᠬᠥᠮᠦᠰ ᠲᠡᠢ ᠠᠭᠤᠯᠵᠠᠬᠤ ᠪᠢ ᠳᠤᠷᠠᠲᠠᠢ
ᠰᠦ ᠰᠢᠭ ᠴᠠᠭᠠᠨ ᠦᠢᠯᠡ  ᠳᠡᠯᠭᠡᠷᠡᠭᠡᠰᠡᠢ ᠭᠡᠳ
ᠰᠠᠢᠬᠠᠨ ᠴᠢᠮ᠎ᠠ ᠳ᠋ᠤ᠌ ᠪᠠᠨ ᠡᠷᠬᠡᠯᠡᠬᠦ ᠪᠢ ᠳᠤᠷᠠᠲᠠᠢ
ᠰᠡᠳᠬᠢᠯ ᠡᠴᠡ ᠪᠡᠨ ᠭᠡᠷᠡᠯᠲᠦ ᠴᠢ ᠴᠢᠳᠠᠨ᠎ᠠ
ᠪᠣᠳᠣᠯ ᠢ᠋ᠶ᠋ᠠᠷ ᠢ᠋ᠶ᠋ᠠᠨ ᠭᠡᠭᠡᠷᠡ ᠴᠢ ᠪᠠᠰᠠ ᠴᠢᠳᠠᠨ᠎ᠠ
ᠵᠦᠭᠡᠷ ᠯᠡ ᠭᠡᠷᠡᠯᠲᠦ ᠭᠡᠷᠡᠯ ᠲᠦᠭᠡᠭᠡ
ᠲᠡᠢᠮᠦ ᠯᠠ ᠭᠣᠶᠣ ᠣᠷᠴᠢᠯᠠᠩ ᠢ᠋ ᠪᠢᠳᠡ ᠬᠦᠰᠡᠨ᠎ᠡ
ᠰᠡᠳᠬᠢᠯ ᠡᠴᠡ ᠪᠡᠨ ᠭᠡᠷᠡᠯᠲᠦ ᠴᠢ ᠴᠢᠳᠠᠨ᠎ᠠ
ᠪᠣᠳᠣᠯ ᠢ᠋ᠶ᠋ᠠᠷ ᠢ᠋ᠶ᠋ᠠᠨ ᠭᠡᠭᠡᠷᠡ ᠴᠢ ᠪᠠᠰᠠ ᠴᠢᠳᠠᠨ᠎ᠠ
ᠵᠦᠭᠡᠷ ᠯᠡ ᠭᠡᠷᠡᠯᠲᠦ ᠭᠡᠷᠡᠯ ᠲᠦᠭᠡᠭᠡ
ᠲᠡᠢᠮᠦ ᠯᠠ ᠭᠣᠶᠣ ᠣᠷᠴᠢᠯᠠᠩ ᠢ᠋ ᠪᠢᠳᠡ ᠬᠦᠰᠡᠨ᠎ᠡ

 ᠦᠰᠦᠭ ᠠᠮᠢᠯᠠᠭᠤᠯᠤᠭᠴᠢ᠄ ᠭᠡᠭᠡᠷᠡᠯ᠂ ᠰᠣᠨᠢᠨᠪᠠᠶᠠᠷᠠᠯᠲᠠᠨᠴᠢᠮᠡᠭ
 ᠦᠰᠦᠭ ᠬᠠᠲᠠᠭᠴᠢ᠄ ᠭᠡᠭᠡᠷᠡᠯᠠᠯᠲᠠᠨᠴᠢᠮᠡᠭ 
 ᠬᠢᠨᠠᠭᠴᠢ᠄  ᠦᠨᠢᠮᠦ᠋ᠩᠬᠡ᠂ ᠲᠦᠮᠡᠨᠴᠡᠴᠡᠭ᠂  ᠭᠦᠩᠭᠠᠷ
ГЭРЭЛТ

Гэгээн сайхнаараа нүдээ нэгээд
Гуниг үргээж инээх би дуртай
Маргааш гоё өдөр байгаасай гээд
Мандах нарыг харах би дуртай
Сэтгэлээсээ гэрэлт, чи чадна аа
Бодлоороо гэгээр, чи бас чадна аа
Зүгээр л гэрэлт ,гэрэл түгээе
Тийм л гоё орчлонг бид хүснэ ээ

Зовсон бүхэнд сэтгэлээ нээгээд
Зорилгоо дүүргээд баясах би дуртай
Өр зүрх хайр дүүрэн гэрэлтээсэй
Өглөгийн ерөөлөөр өгөх дуртай
Сэтгэлээсээ гэрэлт, чи чадна аа
Бодлоороо гэгээр, чи бас чадна аа
Зүгээр л гэрэлт ,гэрэл түгээе
Тийм л гоё орчлонг бид хүснэ ээ

Сэтгэлээсээ гэрэлт, чи чадна аа
Бодлоороо гэгээр, чи бас чадна аа
Зүгээр л гэрэлт ,гэрэл түгээе
Тийм л гоё орчлонг бид хүснэ ээ
Санасан саруул үйлсээ бүтээгээд
Сайн хүмүүстэй уулзах би дуртай
Сүү шиг цагаан үйл дэлгэрээсэй гээд
Сайхан чамдаа эрхлэх би дуртай
Сэтгэлээсээ гэрэлт, чи чадна аа
Бодлоороо гэгээр, чи бас чадна аа
Зүгээр л гэрэлт ,гэрэл түгээе
Тийм л гоё орчлонг бид хүснэ ээ
Сэтгэлээсээ гэрэлт, чи чадна аа
Бодлоороо гэгээр, чи бас чадна аа
Зүгээр л гэрэлт ,гэрэл түгээе
Тийм л гоё орчлонг бид хүснэ ээ