ᠴᠣᠭᠲᠤ ᠽᠠᠨᠳᠠᠨ ᠬᠡᠮᠡᠬᠦ ᠤᠷᠣᠰᠢᠪᠡᠢЦогт зандан хэмээх оршивой
ᠴᠣᠭᠲᠤ ᠽᠠᠨᠳᠠᠨ ᠬᠡᠮᠡᠬᠦ ᠤᠷᠣᠰᠢᠪᠡᠢ
᠀᠍ ᠬᠠᠮᠤᠭ ᠠᠮᠢᠲᠠᠨ ᠨᠠᠰᠤᠨ ᠦᠷᠭᠦᠯᠵᠢᠳᠡ᠃
ᠯᠠᠮᠠ ᠳ᠋ᠤᠷ ᠢᠲᠡᠭᠡᠮᠦ᠃
ᠪᠤᠷᠬᠠᠨ ᠳ᠋ᠤᠷ ᠢᠲᠡᠭᠡᠮᠦ᠃
ᠨᠣᠮ ᠳ᠋ᠤᠷ ᠢᠲᠡᠭᠡᠮᠦ᠃
ᠬᠤᠸᠠᠷᠠᠭ ᠲᠤᠷ ᠢᠲᠡᠭᠡᠮᠦ ᠅
ᠢᠯᠠᠵᠤ ᠲᠡᠭᠦᠰ ᠨᠥᠭᠴᠢᠭᠰᠡᠨ᠃ᠲᠡᠭᠦᠨᠴᠢᠯᠡᠨ ᠢᠷᠡᠭᠰᠡᠨ᠃ ᠲᠠᠢᠨᠢ ᠳᠠᠷᠤᠭᠰᠠᠨ᠃
ᠦᠨᠡᠬᠡᠷ ᠲᠤᠭᠤᠯᠤᠭᠰᠠᠨ ᠱᠠᠭᠵᠠᠮᠤᠨᠢ ᠪᠤᠷᠬᠠᠨ᠀᠍ ᠳ᠋ᠤᠷ ᠮᠥᠷᠭᠥᠮᠦ᠃
ᠲᠡᠭᠦᠨᠴᠢᠯᠡᠨ ᠢᠷᠡᠭᠰᠡᠨ ᠸᠴᠢᠷ ᠵᠢᠷᠦᠬᠡ ᠪᠡᠷ ᠰᠠᠢᠲᠤᠷ ᠡᠪᠳᠡᠭᠴᠢᠲᠡ ᠮᠥᠷᠭᠥᠮᠦ ᠃
ᠲᠡᠭᠦᠨᠴᠢᠯᠡᠨ ᠢᠷᠡᠭᠰᠡᠨ ᠡᠷᠳᠡᠨᠢᠲᠦ ᠭᠡᠷᠡᠯ ᠭᠠᠷᠭᠠᠭᠴᠢᠲᠠ ᠮᠥᠷᠭᠥᠮᠦ ᠃
ᠲᠡᠭᠦᠨᠴᠢᠯᠡᠨ ᠢᠷᠡᠭᠰᠡᠨ ᠯᠤᠤᠰ ᠤ᠋ᠨ ᠡᠷᠬᠡᠳᠥᠳᠡ ᠮᠥᠷᠭᠥᠮᠦ ᠅
ᠲᠡᠭᠦᠨᠴᠢᠯᠡᠨ ᠢᠷᠡᠭᠰᠡᠨ ᠪᠠᠭᠠᠲᠤᠷ ᠤ᠋ᠨ ᠠᠢᠮᠠᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠪᠠᠶᠠᠰᠬᠤᠯᠠᠩ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠡᠷᠳᠡᠨᠢᠲᠦ ᠭᠠᠯ ᠳ᠋ᠤᠷ ᠮᠥᠷᠭᠥᠮᠦ ᠃
ᠲᠡᠭᠦᠨᠴᠢᠯᠡᠨ ᠢᠷᠡᠭᠰᠡᠨ ᠡᠷᠳᠡᠨᠢᠲᠦ ᠰᠠᠷᠠᠨ ᠭᠡᠷᠡᠯ ᠳ᠋ᠦ᠍ᠷ ᠮᠥᠷᠭᠥᠮᠦ ᠅
ᠲᠡᠭᠦᠨᠴᠢᠯᠡᠨ ᠢᠷᠡᠭᠰᠡᠨ ᠦᠵᠡᠭᠰᠡᠭᠡᠷ ᠲᠤᠰᠠ ᠳᠤᠲᠠ ᠮᠥᠷᠭᠥᠮᠦ ᠃
ᠲᠡᠭᠦᠨᠴᠢᠯᠡᠨ ᠢᠷᠡᠭᠰᠡᠨ ᠡᠷᠳᠡᠨᠢᠲᠦ ᠰᠠᠷᠠᠨ ᠳ᠋ᠤᠷ ᠮᠥᠷᠭᠥᠮᠦ ᠃
ᠲᠡᠭᠦᠨᠴᠢᠯᠡᠨ ᠢᠷᠡᠭᠰᠡᠨ ᠭᠬᠢᠷ ᡂᠨ ᠦᠭᠡᠢ ᠳ᠋ᠦ᠍ᠷ ᠮᠥᠷᠭᠥᠮᠦ ᠃
᠀᠍ ᠲᠡᠭᠦᠨᠴᠢᠯᠡᠨ ᠢᠷᠡᠭᠰᠡᠨ ᠴᠣᠭ ᠢ᠋ ᠦᠭᠭᠦᠭᠴᠢᠳᠡ ᠮᠥᠷᠭᠥᠮᠦ ᠅
ᠲᠡᠭᠦᠨᠴᠢᠯᠡᠨ ᠢᠷᠡᠭᠰᠡᠨ ᠡᠰᠡᠷᠦᠨ ᠳ᠋ᠦ᠍ᠷ ᠮᠥᠷᠭᠥᠮᠦ ᠃
ᠲᠡᠭᠦᠨᠴᠢᠯᠡᠨ ᠢᠷᠡᠭᠰᠡᠨ ᠡᠰᠡᠷᠦᠨ ᠦᠭᠭᠦᠭᠰᠡᠨᠡ ᠮᠥᠷᠭᠥᠮᠦ᠃
ᠲᠡᠭᠦᠨᠴᠢᠯᠡᠨ ᠢᠷᠡᠭᠰᠡᠨ ᠤᠰᠤᠨ ᠲᠡᠭᠷᠢ ᠳ᠋ᠠ ᠮᠥᠷᠭᠥᠮᠦ ᠃
ᠲᠡᠭᠦᠨᠴᠢᠯᠡᠨ ᠢᠷᠡᠭᠰᠡᠨ ᠤᠰᠤᠨ ᠲᠡᠭᠷᠢ ᠶ᠋ᠢᠨ ᠲᠡᠭᠷᠢ ᠳ᠋ᠠ ᠮᠥᠷᠭᠥᠮᠦ ᠅
ᠲᠡᠭᠦᠨᠴᠢᠯᠡᠨ ᠢᠷᠡᠭᠰᠡᠨ ᠰᠠᠢᠨ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠴᠣᠭᠲᠤ ᠽᠠᠨᠳᠠᠨᠠ ᠮᠥᠷᠭᠥᠮᠦ᠃
ᠲᠡᠭᠦᠨᠴᠢᠯᠡᠨ ᠢᠷᠡᠭᠰᠡᠨ ᠬᠢᠵᠠᠭᠠᠷ ᠦᠭᠡᠢ ᠵᠢᠪᠬᠤᠯᠠᠩ ᠳ᠋ᠤᠷ ᠮᠥᠷᠭᠥᠮᠦ ᠃
ᠲᠡᠭᠦᠨᠴᠢᠯᠡᠨ ᠢᠷᠡᠭᠰᠡᠨ ᠴᠣᠭ ᠤ᠋ᠨ ᠭᠡᠷᠡᠯ ᠳᠤᠲᠠ ᠮᠥᠷᠭᠥᠮᠦ ᠅
ᠲᠡᠭᠦᠨᠴᠢᠯᠡᠨ ᠢᠷᠡᠭᠰᠡᠨ ᠭᠠᠰᠠᠯ ᠦᠭᠡᠢ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠨᠠᠷᠠᠶᠠᠨᠢ ᠳ᠋ᠤᠷ ᠀᠍ ᠮᠥᠷᠭᠥᠮᠦ᠃
ᠲᠡᠭᠦᠨᠴᠢᠯᠡᠨ ᠢᠷᠡᠭᠰᠡᠨ ᠴᠡᠴᠡᠭ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠡᠰᠷᠦᠨ ᠭᠡᠷᠡᠯ ᠢ᠋ᠶ᠋ᠡᠷ ᠴᠡᠩᠭᠡᠨ ᠢᠯᠡ ᠮᠡᠳᠡᠭᠴᠢᠳᠠ ᠳ᠋ᠤᠷ ᠮᠥᠷᠭᠥᠮᠦ ᠅
ᠲᠡᠭᠦᠨᠴᠢᠯᠡᠨ ᠢᠷᠡᠭᠰᠡᠨ ᠪᠠᠳ᠋ᠮᠡ᠋ ᠶ᠋ᠢᠨ ᠭᠡᠷᠡᠯ ᠢ᠋ᠶ᠋ᠡᠷ ᠴᠡᠩᠭᠡᠨ ᠢᠯᠡ ᠮᠠᠳᠡᠭᠴᠢᠳᠡ ᠮᠥᠷᠭᠥᠮᠦ᠃
ᠲᠡᠭᠦᠨᠴᠢᠯᠡᠨ ᠢᠷᠡᠭᠰᠡᠨ ᠡᠳ᠋ ᠦ᠋ᠨ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠳᠤᠷᠠᠳᠬᠠᠯ ᠤ᠋ᠨ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠴᠣᠭᠲᠤ ᠨᠡᠷ᠎ᠡ ᠮᠠᠰᠢ ᠠᠯᠳᠠᠷ ᠳᠤᠲᠠ ᠮᠥᠷᠭᠥᠮᠦ ᠅
ᠲᠡᠭᠦᠨᠴᠢᠯᠡᠨ ᠢᠷᠡᠭᠰᠡᠨ ᠡᠷᠬᠡ ᠶ᠋ᠢᠨ ᠣᠬᠢ ᠲᠤᠭ ᠤ᠋ᠨ ᠬᠠᠨ ᠳ᠋ᠤᠷ ᠮᠥᠷᠭᠥᠮᠦ ᠃
ᠲᠡᠭᠦᠨᠴᠢᠯᠡᠨ ᠢᠷᠡᠭᠰᠡᠨ ᠮᠠᠰᠢ ᠳᠠᠷᠤᠮᠳᠠᠨ ᠤ᠋ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠪᠠᠢᠯᠳᠤᠭᠠᠨ ᠢ᠋ ᠮᠠᠰᠢ ᠢᠯᠠᠭᠤᠭᠴᠢᠳᠠ ᠀᠍ ᠮᠥᠷᠭᠥᠮᠦ ᠃
ᠲᠡᠭᠦᠨᠴᠢᠯᠡᠨ ᠢᠷᠡᠭᠰᠡᠨ ᠳᠠᠷᠤᠮᠲᠠ ᠪᠠᠷ ᠢᠷᠡᠭᠰᠡᠨ᠎ᠡ ᠮᠥᠷᠭᠥᠮᠦ ᠅
ᠲᠡᠭᠦᠨᠴᠢᠯᠡᠨ ᠢᠷᠡᠭᠰᠡᠨ ᠬᠠᠮᠤᠭ ᠠ᠋ᠴᠠ ᠭᠡᠭᠡᠨ ᠵᠣᠬᠢᠶᠠᠯ ᠤ᠋ᠨ ᠴᠣᠭ ᠲᠤᠷ ᠮᠥᠷᠭᠥᠮᠦ ᠃
ᠲᠡᠭᠦᠨᠴᠢᠯᠡᠨ ᠢᠷᠡᠭᠰᠡᠨ ᠡᠷᠳᠡᠨᠢᠲᠦ ᠪᠠᠳ᠋ᠮᠡ᠋ ᠳᠠᠷᠤᠭᠰᠠᠨᠠ ᠮᠥᠷᠭᠥᠮᠦ᠃
ᠲᠡᠭᠦᠨᠴᠢᠯᠡᠨ ᠢᠷᠡᠭᠰᠡᠨ ᠃ ᠳᠠᠢᠨᠢ ᠳᠠᠷᠤᠭᠰᠠᠨ᠃ ᠦᠨᠡᠬᠡᠷ ᠲᠤᠭᠤᠯᠤᠭᠰᠠᠨ
ᠪᠤᠷᠬᠠᠨ ᠡᠷᠳᠡᠨᠢ ᠪᠠ ᠯᠢᠩᠬᠤ᠎ᠠ ᠳ᠋ᠤᠷ ᠰᠠᠢᠲᠤᠷ ᠠᠭᠰᠠᠨ ᠠᠭᠤᠯᠠᠰ ᠤ᠋ᠨ ᠡᠷᠬᠡᠳᠥᠳᠡ ᠮᠥᠷᠭᠥᠮᠦ ᠅
ᠨᠠᠮᠤ
ᠲᠡᠳᠡ ᠲᠡᠷᠢᠭᠦᠲᠡᠨ ᠠᠷᠪᠠᠨ ᠵᠦᠭ ᠦ᠋ᠨ ᠬᠠᠮᠤᠭ ᠶᠢᠷᠲᠢᠨᠴᠦᠰ ᠦ᠋ᠨ ᠬᠠᠮᠤᠭ ᠲᠡᠭᠦᠨᠴᠢᠯᠡᠨ ᠢᠷᠡᠭᠰᠡᠨ ᠃
ᠳᠠᠢᠨᠢ ᠳᠠᠷᠤᠭᠰᠠᠨ᠃ᠦᠨᠡᠬᠡᠷ ᠲᠤᠭᠤᠯᠤᠭᠰᠠᠨ ᠠᠯᠢ ᠬᠡᠳᠦᠢ ᠪᠦᠬᠦᠢ
ᠢᠯᠠᠵᠤ ᠲᠡᠭᠦᠰ ᠨᠥᠭᠴᠢᠭᠰᠡᠨ ᠪᠣᠷᠠᠬᠤᠨ ᠰᠠᠭᠤᠵᠤ᠃ᠥᠷᠥᠰᠢᠶᠡᠭᠡᠴᠢ ᠀᠍
ᠲᠡᠳᠡ ᠬᠠᠮᠤᠭ ᠲᠡᠭᠦᠨᠴᠢᠯᠡᠨ ᠢᠷᠡᠭᠰᠡᠳ ᠨᠠᠮᠠᠶ᠋ᠢ ᠠᠢᠯᠠᠳᠲᠤᠭᠠᠢ ᠅
ᠮᠢᠨᠦ ᠡᠨᠡ ᠲᠥᠷᠥᠯ ᠬᠢᠭᠡᠳ ᠣᠷᠴᠢᠯᠠᠩ ᠳ᠋ᠤᠷ ᠡᠷᠭᠢᠴᠡᠬᠦᠢ ᠬᠠᠮᠤᠭ ᠲᠥᠷᠥᠯ ᠳ᠋ᠡᠭᠡᠨ᠃
ᠬᠢᠯᠢᠨᠴᠡᠲᠦ ᠦᠢᠯᠡᠰ ᡂᠨ ᠢ᠋ ᠦᠢᠯᠡᠳᠦᠭᠰᠡᠨ᠃ᠦᠢᠯᠡᠳᠬᠡᠭᠰᠡᠨ᠃ᠦᠢᠯᠡᠳᠬᠦᠢ ᠳ᠋ᠦ᠍ᠷ ᠲᠠᠭᠠᠨ ᠪᠠᠶᠠᠰᠤᠭᠰᠠᠨ᠃ ᠰᠤᠪᠤᠷᠭᠠᠨ ᠤ᠋ ᠡᠳ᠋ ᠪᠠ᠃ᠬᠤᠸᠠᠷᠠᠭ ᠤ᠋ᠨ ᠡᠳ᠋ ᠪᠠ᠃ᠠᠷᠪᠠᠨ ᠵᠦᠭ ᠦ᠋ᠨ ᠬᠤᠸᠠᠷᠠᠭ ᠤ᠋ᠨ ᠡᠳ᠋ ᠢ᠋ ᠪᠤᠯᠢᠶᠠᠭᠰᠠᠨ᠃
ᠪᠤᠯᠢᠶᠠᠯᠠᠭᠰᠠᠨ᠃ ᠪᠤᠯᠢᠶᠠᠬᠤᠢ ᠳ᠋ᠤᠷ ᠲᠠᠭᠠᠨ ᠪᠠᠶᠠᠰᠤᠭᠰᠠᠨ ᠃
ᠲᠠᠪᠤᠨ ᠵᠠᠪᠰᠠᠷ ᠦᠭᠡᠢ ᠦᠢᠯᠡᠰ ᡂᠨ ᠢ᠋ ᠦᠢᠯᠡᠳᠦᠭᠰᠡᠨ᠃ᠦᠢᠯᠡᠳᠬᠡᠭᠰᠡᠨ᠃
ᠦᠢᠯᠡᠳᠬᠦᠢ ᠳ᠋ᠦ᠍ᠷ ᠲᠠᠭᠠᠨ ᠪᠠᠶᠠᠰᠤᠭᠰᠠᠨ᠃
ᠠᠷᠪᠠᠨ ᠬᠠᠷ᠎ᠠ ᠶ᠋ᠢᠨ ᠦᠢᠯᠡ ᠶ᠋ᠢᠨ ᠮᠥᠷ ᠢ᠋ ᠦᠨᠡᠨ ᠢ᠋ᠶ᠋ᠡᠷ ᠠᠪᠴᠤ ᠣᠷᠣᠭᠰᠠᠨ ᠪᠠ ᠀᠍ ᠣᠷᠣᠭᠤᠯᠤᠭᠰᠠᠨ᠃ ᠣᠷᠣᠬᠤᠢ ᠳ᠋ᠤᠷ ᠲᠠᠭᠠᠨ ᠪᠠᠶᠠᠰᠤᠭᠰᠠᠨ ᠃ ᠠᠯᠢ ᠦᠢᠯᠡ ᠶ᠋ᠢᠨ ᠲᠦᠢᠳᠬᠡᠷ ᠢ᠋ᠶ᠋ᠡᠷ ᠲᠦᠢᠳᠴᠦ ᠪᠢ᠃
ᠠᠮᠢᠲᠠᠨ ᠤ᠋ ᠲᠠᠮᠤ ᠳ᠋ᠤᠷ ᠢ᠋ ᠤᠨᠠᠬᠤ ᠪᠠ᠃ ᠠᠳᠤᠭᠤᠰᠤᠨ ᠤ᠋ ᠲᠥᠷᠥᠯ ᠳ᠋ᠦ᠍ᠷ ᠢ᠋ ᠲᠥᠷᠥᠬᠦ ᠪᠠ ᠃
ᠪᠢᠷᠢᠳ ᠨᠠᠷ ᠤ᠋ᠨ ᠭᠠᠵᠠᠷ ᠲᠤᠷ ᠢ᠋ ᠲᠥᠷᠥᠬᠦ ᠪᠠ ᠃ᠪᠠᠯᠠᠮᠠᠳ ᠤ᠋ᠨ ᠬᠡᠳᠡᠷ ᠪᠣᠯᠤᠨ ᠲᠥᠷᠥᠬᠦ ᠪᠠ ᠃ ᠬᠢᠵᠠᠭᠠᠷ ᠤ᠋ᠨ ᠭᠠᠵᠠᠷ ᠲᠤᠷ ᠢ᠋ ᠲᠥᠷᠥᠬᠦ ᠪᠠ᠃ᠤᠷᠲᠤ ᠨᠠᠰᠤᠨ ᠲᠡᠭᠷᠢ ᠳ᠋ᠠ ᠲᠥᠷᠥᠬᠦ ᠪᠠ ᠃
ᠴᠣᠭᠴᠠ ᠠᠨᠤ ᠳᠤᠲᠠᠭᠴᠢ ᠪᠠ᠃ ᠪᠤᠷᠤᠭᠤ ᠦᠵᠡᠯ ᠪᠠᠷᠢᠭᠴᠢ ᠪᠠ ᠃
ᠪᠤᠷᠬᠠᠨ ᠦᠯᠦ ᠪᠠᠶᠠᠰᠬᠤᠢ ᠪᠣᠯᠤᠨ ᠣᠳᠬᠤᠢ ᠠᠯᠢ ᠪᠦᠬᠦᠢ ᠦᠢᠯᠡ ᠶ᠋ᠢᠨ ᠲᠦᠢᠳᠬᠡᠷ ᠪᠦᠭᠦᠳᠡ ᠶ᠋ᠢ ᠢᠯᠠᠵᠤ ᠲᠡᠭᠦᠰ ᠨᠥᠭᠴᠢᠭᠰᠡᠨ ᠪᠤᠷᠬᠠᠨ ᠪᠥᠭᠡᠳ ᠃ ᠪᠡᠯᠭᠡ ᠪᠢᠯᠢᠭ ᠪᠣᠯᠤᠨ ᠨᠢᠳᠦᠨ ᠪᠣᠯᠤᠨ ᠃
ᠭᠡᠷ᠎ᠡ ᠀᠍ ᠪᠣᠯᠤᠨ ᠬᠡᠮᠵᠢᠯ ᠪᠣᠯᠤᠨ᠃ ᠠᠢᠯᠠᠳᠤᠭᠴᠢ ᠦᠵᠡᠭᠴᠢᠳ ᠦ᠋ᠨ ᠢᠯᠡᠳᠡ ᠳ᠋ᠦ᠍ᠷ ᠠᠷᠢᠯᠭᠠᠮᠤ ᠃
ᠨᠠᠮᠠᠨᠴᠢᠯᠠᠮᠤ ᠃ᠦᠯᠦ ᠪᠤᠴᠠᠨ ᠦᠯᠦ ᠨᠢᠭᠤᠮᠤ᠃ᠬᠣᠢᠨᠠᠭᠰᠢᠳᠠ ᠲᠠᠰᠤᠯᠤᠭᠠᠳ ᠬᠣᠷᠢᠭ ᠪᠣᠯᠭᠠᠰᠤᠭᠠᠢ ᠅ ᠲᠡᠳᠡ ᠬᠠᠮᠤᠭ ᠢᠯᠠᠵᠤ ᠲᠡᠭᠦᠰ ᠨᠥᠭᠴᠢᠭᠰᠡᠨ ᠪᠣᠷᠠᠬᠤᠨ ᠨᠠᠮᠠᠶ᠋ᠢ ᠠᠢᠯᠠᠳᠲᠤᠭᠠᠢ᠃
ᠮᠢᠨᠦ ᠡᠨᠡ ᠲᠥᠷᠥᠯ ᠬᠢᠭᠡᠳ ᠲᠡᠷᠢᠭᠦᠯᠡᠰᠢ ᠦᠭᠡᠢ ᠲᠥᠷᠥᠯ ᠡᠴᠡ᠃
ᠣᠷᠴᠢᠯᠠᠩ ᠳ᠋ᠤᠷ ᠡᠷᠭᠢᠴᠡᠬᠦᠢ ᠪᠤᠰᠤ ᠲᠥᠷᠥᠯ ᠳ᠋ᠡᠭᠡᠨ ᠥᠭᠯᠢᠭᠡ ᠶ᠋ᠢ ᠶᠠᠳᠠᠪᠠᠴᠤ ᠃
ᠠᠳᠤᠭᠤᠰᠤᠨ ᠳ᠋ᠤᠷ ᠢ᠋ ᠲᠥᠷᠥᠭᠰᠡᠳ ᠲᠦ᠍ᠷ ᠨᠢᠭᠡᠨ ᠡᠮᠬᠦ ᠢᠳᠡᠭᠡᠨ ᠢ᠋ ᠥᠭᠭᠦᠨ ᠠᠭᠰᠠᠨ ᠠᠯᠢ
ᠪᠦᠬᠦ ᠪᠤᠶᠠᠨ ᠦᠢᠯᠡ ᠃
ᠮᠢᠨᠦ ᠰᠠᠬᠢᠯ ᠰᠠᠬᠢᠨ ᠠᠭᠰᠠᠨ ᠠᠯᠢ ᠪᠦᠬᠦ ᠪᠤᠶᠠᠨ ᠦᠢᠯᠡ ᠃
ᠮᠢᠨᠦ ᠪᠠᠴᠠᠭ ᠪᠠᠷᠢᠨ ᠠᠭᠰᠠᠨ ᠠᠯᠢ ᠪᠦᠬᠦ ᠪᠤᠶᠠᠨ ᠀᠍ ᠦᠢᠯᠡ᠃
ᠮᠢᠨᠦ ᠠᠮᠢᠲᠠᠨ ᠢ᠋ ᠲᠡᠳᠬᠦᠨ ᠠᠭᠰᠠᠨ ᠠᠯᠢ ᠪᠦᠬᠦ ᠪᠤᠶᠠᠨ ᠦᠢᠯᠡ ᠃
ᠮᠢᠨᠦ ᠪᠣᠳᠢ ᠰᠡᠳᠬᠢᠯ ᠡᠭᠦᠰᠦᠭᠰᠡᠨ ᠠᠯᠢ ᠪᠦᠬᠦ ᠪᠤᠶᠠᠨ ᠦᠢᠯᠡ ᠃
ᠮᠢᠨᠦ ᠳᠡᠩᠰᠡᠯ ᠦᠭᠡᠢ ᠪᠡᠯᠭᠡ ᠪᠢᠯᠢᠭ ᠡᠭᠦᠰᠦᠭᠰᠡᠨ ᠠᠯᠢ ᠪᠦᠬᠦ ᠪᠤᠶᠠᠨ ᠦᠢᠯᠡ ᠃
ᠲᠡᠳᠡ ᠪᠦᠭᠦᠳᠡ ᠶ᠋ᠢ ᠨᠢᠭᠡᠳᠬᠡᠵᠦ ᠬᠤᠷᠢᠶᠠᠭᠠᠳ᠃
ᠴᠤᠭᠯᠠᠭᠤᠯᠤᠨ ᠬᠠᠮᠲᠤᠳᠬᠠᠵᠤ ᠳᠡᠩᠰᠡᠯ ᠦᠭᠡᠢ᠃ ᠳᠡᠭᠡᠷ᠎ᠡ ᠦᠭᠡᠢ᠃
ᠳᠡᠭᠡᠳᠦ ᠶ᠋ᠢᠨ ᠳᠡᠭᠡᠳᠦ ᠃ ᠬᠥᠨᠳᠡᠢ ᠶ᠋ᠢᠨ ᠬᠦᠨᠳᠦ ᠃
ᠣᠭᠣᠭᠠᠲᠠ ᠵᠣᠷᠢᠬᠤ ᠪᠠᠷ ᠲᠡᠩᠰᠡᠯ ᠦᠭᠡᠢ ᠪᠣᠳᠢ ᠳ᠋ᠤᠷ ᠣᠭᠣᠭᠠᠲᠠ ᠵᠣᠷᠢᠮᠤ ᠅
ᠨᠥᠭᠴᠢᠭᠰᠡᠨ ᠦ᠌ ᠢᠯᠡᠵᠤ ᠲᠡᠭᠦᠰ ᠨᠥᠭᠴᠢᠭᠰᠡᠨ ᠪᠣᠷᠠᠬᠤᠨ ᠶᠠᠮᠪᠠᠷ ᠮᠡᠲᠦ ᠵᠣᠷᠢᠭᠰᠠᠨ ᠪᠠ᠃
ᠢᠷᠡᠭᠡᠳᠦᠢ ᠢᠯᠠᠵᠤ ᠲᠡᠭᠦᠰ ᠨᠥᠭᠴᠢᠭᠰᠡᠨ ᠪᠣᠷᠠᠬᠤᠨ ᠶᠠᠮᠪᠠᠷ ᠮᠡᠲᠦ ᠵᠣᠷᠢᠬᠤ ᠪᠠ᠃
ᠡᠳᠦᠭᠡᠬᠢ ᠀᠍ ᠢᠯᠠᠵᠤ ᠲᠡᠭᠦᠰ ᠨᠥᠭᠴᠢᠭᠰᠡᠨ ᠪᠣᠷᠠᠬᠤᠨ ᠶᠠᠮᠪᠠᠷ ᠮᠡᠲᠦ ᠵᠣᠷᠢᠨ ᠪᠦᠬᠦᠢ᠃ ᠲᠡᠭᠦᠨᠴᠢᠯᠡᠨ ᠪᠢᠪᠠᠷ ᠣᠭᠣᠭᠠᠲᠠ ᠵᠣᠷᠢᠮᠤ ᠅ ᠨᠢᠭᠦᠯ ᠡᠯ᠎ᠡ ᠪᠦᠭᠦᠳᠡ ᠶ᠋ᠢ ᠰᠠᠢᠲᠤᠷ ᠨᠠᠮᠠᠨᠴᠢᠯᠠᠮᠤ᠃
ᠪᠤᠶᠠᠨ ᠡᠯ᠎ᠡ ᠪᠦᠭᠦᠳᠡ ᠶ᠋ᠢ ᠪᠠᠶᠠᠰᠤᠯᠴᠠᠨ ᠳᠠᠭᠠᠮᠤ᠃ ᠪᠤᠷᠬᠠᠨ ᠡᠯ᠎ᠡ ᠪᠦᠭᠦᠳᠡ ᠶ᠋ᠢ ᠳᠤᠷᠠᠳᠤᠭᠠᠳ ᠵᠠᠯᠪᠠᠷᠢᠮᠤ ᠃
ᠳᠡᠩᠰᠡᠯ ᠦᠭᠡᠢ ᠡᠷᠬᠢᠮ ᠮᠠᠩᠯᠠᠢ ᠪᠡᠯᠭᠡ ᠪᠢᠯᠢᠭ ᠣᠯᠬᠤ ᠮᠢᠨᠦ ᠪᠣᠯᠲᠤᠭᠠᠢ ᠅
ᠠᠯᠢ ᠪᠣᠭᠳᠠ ᠢᠯᠠᠭᠤᠭᠰᠠᠨ ᠡᠳᠦᠭᠡᠳᠡ ᠠᠭᠴᠢ ᠪᠠ ᠃
ᠨᠥᠭᠴᠢᠭᠰᠡᠨ ᠪᠠ ᠲᠡᠭᠦᠨᠴᠢᠯᠡᠨ ᠢᠷᠡᠭᠡᠳᠦᠢ ᠠᠯᠢᠮᠠᠳ ᠃
ᠡᠷᠳᠡᠮ ᠴᠢᠨᠠᠷ ᠴᠠᠭᠯᠠᠰᠢ ᠦᠭᠡᠢ ᠳ᠋ᠠᠯᠠᠢ ᠮᠡᠲᠦ ᠪᠦᠬᠦᠨ᠎ᠡ᠃
ᠠᠯᠠᠭᠠᠪᠠᠨ ᠬᠠᠮᠲᠤᠳᠬᠠᠭᠠᠳ ᠰᠢᠳᠠᠷ ᠢᠲᠡᠭᠡᠮᠦ ᠪᠢ ᠅᠃ ᠅
᠀᠍ ᠪᠡᠶ᠎ᠡ ᠶ᠋ᠢᠨ ᠦᠢᠯᠡ ᠬᠡᠮᠡᠪᠡᠰᠦ ᠭᠤᠷᠪᠠᠨ ᠵᠦᠢᠯ ᠃
ᠬᠡᠯᠡᠨ ᠢ᠋ᠶ᠋ᠡᠷ ᠦᠢᠯᠡᠳᠦᠭᠴᠢ ᠳᠥᠷᠪᠡᠨ ᠵᠦᠢᠯ ᠃
ᠠᠯᠢ ᠪᠠᠰᠠ ᠰᠡᠳᠬᠢᠯ ᠳ᠋ᠡᠬᠢ ᠭᠤᠷᠪᠠᠨ ᠵᠦᠢᠯ ᠃
ᠠᠷᠪᠠᠨ ᠨᠢᠭᠦᠯ ᠢ᠋ᠶ᠋ᠡᠨ ᠨᠠᠮᠠᠨᠴᠢᠯᠠᠮᠤ ᠅
ᠠᠩᠬᠠᠨ ᠠ᠋ᠴᠠ ᠡᠳᠦᠭᠡᠳᠡ ᠬᠦᠷᠳᠡᠯ᠎ᠡ᠃ ᠠᠷᠪᠠᠨ ᠨᠢᠭᠦᠯ ᠲᠠᠪᠤᠨ ᠵᠠᠪᠰᠠᠷ ᠦᠭᠡᠢ ᠪᠠ ᠃
ᠰᠡᠳᠬᠢᠯ ᠢᠨᠤ ᠨᠢᠰᠸᠠᠨᠢᠰ ᠲᠤ᠌ ᠪᠣᠯᠤᠭᠰᠠᠨ᠃ ᠬᠠᠮᠤᠭ ᠨᠢᠭᠦᠯ ᠢ᠋ᠶ᠋ᠡᠨ ᠨᠠᠮᠠᠨᠴᠢᠯᠠᠮᠤ ᠅
ᠲᠠᠴᠢᠶᠠᠩᠭᠤᠢ ᠤᠷᠢᠨ ᠮᠤᠩᠬᠠᠭ ᠭᠤᠷᠪᠠᠨ ᠬᠣᠤᠷᠠ ᠶ᠋ᠢᠨ ᠡᠷᠬᠡ ᠪᠡᠷ ᠃
ᠪᠡᠶ᠎ᠡ ᠬᠢᠭᠡᠳ ᠬᠡᠯᠡᠨ ᠯᠦᠭᠡ ᠰᠡᠳᠬᠢᠯ ᠨᠤᠬᠦᠳ ᠢ᠋ᠶ᠋ᠡᠷ ᠪᠢ ᠃
ᠬᠢᠯᠢᠨᠴᠡ ᠶ᠋ᠢ ᠦᠢᠯᠡᠳᠦᠭᠰᠡᠨ ᠬᠡᠳᠦᠢ ᠪᠦᠬᠦᠢ ᠲᠡᠳᠡᠭᠡᠷ ᠃
ᠪᠦᠭᠦᠳᠡ ᠶ᠋ᠢ ᠪᠢᠪᠠᠷ ᠰᠠᠢᠲᠤᠷ ᠨᠠᠮᠠᠨᠴᠢᠯᠠᠨ ᠀᠍ ᠥᠴᠢᠮᠦ ᠅
ᠮᠥᠷᠭᠥᠬᠦᠢ ᠪᠠ ᠲᠠᠬᠢᠯ ᠡᠷᠭᠦᠨ ᠨᠠᠮᠠᠨᠴᠢᠯᠠᠯ ᠦᠢᠯᠡᠳᠦᠨ᠃
ᠪᠠᠶᠠᠰᠤᠯᠴᠠᠨ ᠳᠤᠷᠠᠳᠤᠭᠠᠳ ᠵᠠᠯᠪᠠᠷᠢᠯ ᠢ᠋ ᠦᠢᠯᠡᠳᠴᠦ᠃
ᠥᠴᠦᠭᠦᠬᠡᠨ ᠪᠤᠶᠠᠨ ᠬᠡᠳᠦᠢ ᠬᠤᠷᠢᠶᠠᠭᠰᠠᠨ ᠢ᠋ᠶ᠋ᠠᠨ ᠪᠢ᠃
ᠪᠦᠭᠦᠳᠡ ᠶ᠋ᠢ ᠮᠢᠨᠦ ᠶᠡᠬᠡ ᠪᠣᠳᠢ ᠣᠯᠬᠤ ᠶ᠋ᠢᠨ ᠲᠤᠯᠠ ᠵᠣᠷᠢᠮᠤ ᠅᠃ ᠅
ᠰᠠᠷᠸᠠ ᠮᠠᠩᠺᠠᠯᠠᠮ ᠅᠃ ᠅
ᠦᠰᠦᠭ ᠠᠮᠢᠯᠠᠭᠤᠯᠦᠭ᠍ᠴᠢ᠄ ᠳᠡᠭᠰᠢᠮᠥ᠋ᠩᠬᠡ
ᠬᠢᠨᠡᠭ᠍ᠴᠢ᠄ᠮᠤᠩᠭᠤᠯᠵᠠᠶᠠᠭ᠎ᠠ᠂ ᠪᠦᠷᠢᠨ᠎ᠡ
