ᠡᠵᠡᠨ ᠲᠠᠢ ᠨᠤᠲᠤᠭ ᠤᠨ ᠵᠠᠶᠠᠭ᠎ᠠ ᠲᠠᠢ ᠮᠣᠩᠭᠣᠯ – ᠭᠦᠩᠭᠠᠷ Эзэнтэй нутгийн заяатай монгол. – Гүнгар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠡᠨ ᠲᠠᠢ ᠨᠤᠲᠤᠭ ᠤᠨ ᠵᠠᠶᠠᠭ᠎ᠠ ᠲᠠᠢ ᠮᠣᠩᠭᠣᠯ – ᠭᠦᠩᠭᠠᠷ Эзэнтэй нутгийн заяатай монгол. – Гүнгар

ᠡᠵᠡᠨ ᠲᠠᠢ ᠨᠤᠲᠤᠭ ᠤᠨ ᠵᠠᠶᠠᠭ᠎ᠠ ᠲᠠᠢ ᠮᠣᠩᠭᠣᠯ – ᠭᠦᠩᠭᠠᠷ Эзэнтэй нутгийн заяатай монгол. – Гүнгар

2025-04-06

1013

ᠡᠵᠡᠨ ᠲᠠᠢ ᠨᠤᠲᠤᠭ ᠤᠨ ᠵᠠᠶᠠᠭ᠎ᠠ ᠲᠠᠢ ᠮᠣᠩᠭᠣᠯ


 ᠡᠩᠭᠡᠷ ᠲᠠᠯ᠎ᠠ ᠪᠠᠷ ᠴᠡᠴᠡᠭ ᠢ᠋ᠶ᠋ᠡᠨ ᠮᠢᠷᠠᠯᠵᠠᠭᠤᠯᠤᠭᠰᠠᠨ  
 ᠡᠵᠡᠨ ᠲᠡᠢ ᠨᠤᠲᠤᠭ ᠤ᠋ᠨ ᠵᠠᠶᠠᠭ᠎ᠠ ᠲᠠᠢ ᠮᠣᠩᠭᠣᠯ  
 ᠡᠯᠪᠡᠭ ᠠᠮᠢᠳᠤᠷᠠᠯ ᠳ᠋ᠤ᠌ ᠪᠠᠨ ᠪᠠᠶᠠᠰᠤᠯ ᠠᠪᠴᠢᠷᠠᠭᠰᠠᠨ  
 ᠡᠨᠡ ᠯᠡ ᠨᠤᠲᠤᠭ ᠤ᠋ᠨ ᠵᠢᠷᠭᠠᠯ ᠲᠠᠢ ᠬᠥᠮᠦᠰ ᠠ᠋!   

 ᠭᠠᠩᠭᠠᠩ ᠪᠠᠢᠭᠠᠯᠢ ᠪᠠᠷ ᠬᠣᠨᠢ ᠪᠠᠨ ᠪᠡᠯᠴᠢᠭᠡᠭᠰᠡᠨ  
 ᠭᠠᠢᠬᠠᠯ ᠲᠠᠢ ᠨᠤᠲᠤᠭ ᠤ᠋ᠨ ᠪᠤᠶᠠᠨ ᠲᠠᠢ ᠮᠣᠩᠭᠣᠯ  
 ᠭᠠᠳᠠᠨ᠎ᠠ ᠪᠠᠨ ᠰᠡᠩᠳᠡᠵᠦ ᠰᠠᠴᠤᠯᠢ ᠪᠠᠨ ᠡᠷᠭᠦᠭᠡᠳ  
 ᠭᠠᠷᠮᠠᠭᠠᠢᠯᠠᠵᠤ ᠠᠵᠢᠯᠯᠠᠳᠠᠭ ᠪᠣᠯᠪᠠᠰᠤᠨ ᠬᠥᠮᠦᠰ ᠠ᠋!   

 ᠠᠲᠠᠷ ᠲᠠᠯ᠎ᠠ ᠳ᠋ᠤ᠌ ᠠᠳᠤᠭᠤ ᠪᠠᠨ ᠳᠣᠪᠲᠣᠯᠭᠠᠭᠰᠠᠨ  
 ᠠᠷᠢᠭᠤᠨ ᠳᠠᠷᠬᠠᠨ ᠡᠵᠡᠨᠲᠦ ᠮᠣᠩᠭᠣᠯ  
 ᠠᠷᠪᠠᠨ ᠵᠦᠭ ᠦ᠋ᠨ ᠥᠯᠵᠡᠢ ᠪᠦᠷᠢᠳᠦᠭᠦᠯᠦᠭᠰᠡᠨ  
 ᠠᠰᠠᠷ ᠶᠡᠬᠡ ᠦᠢᠯᠡᠰᠴᠢ ᠬᠥᠮᠦᠰ ᠠ᠋!   

 ᠬᠣᠷᠸ᠎ᠠ ᠶ᠋ᠢᠨ ᠡᠯᠢᠭᠡᠨ ᠳ᠋ᠦ᠍ ᠵᠣᠭᠰᠣᠭ᠎ᠠ ᠪᠠᠷ ᠬᠡᠢᠮᠣᠷᠢᠯᠠᠬᠤ  
 ᠬᠤᠷᠳᠤᠨ ᠬᠦᠯᠦᠭ ᠦ᠋ᠨ ᠵᠠᠶᠠᠭᠠᠲᠤ ᠮᠣᠩᠭᠣᠯ  
 ᠬᠣᠪᠳᠣᠯ ᠵᠢᠷᠦᠬᠡᠨ ᠳ᠋ᠦ᠍ ᠪᠣᠰᠤᠭ᠎ᠠ ᠪᠠᠷ ᠮᠥᠩᠬᠡᠵᠢᠬᠦ  
 ᠬᠤᠪᠢᠳᠠᠵᠤ ᠣᠯᠤᠭᠰᠠᠨ ᠪᠢᠴᠢᠭᠲᠡᠨ ᠬᠥᠮᠦᠰ ᠠ᠋!   

 ᠦᠭᠡ ᠶ᠋ᠢᠨ ᠤᠷᠠᠨ ᠢ᠋ᠶ᠋ᠠᠷ ᠳᠠᠶᠠᠩ ᠳ᠋ᠤ᠌ ᠲᠠᠨᠢᠭᠳᠠᠭᠰᠠᠨ  
 ᠥᠪᠲᠦ ᠰᠣᠶᠣᠯ ᠤ᠋ᠨ ᠤᠯᠠᠮᠵᠢᠲᠤ ᠮᠣᠩᠭᠣᠯ  
 ᠦᠯᠢᠳᠬᠡᠵᠦ ᠪᠠᠷᠠᠰᠢ ᠦᠭᠡᠢ ᠨᠢᠭᠡᠨ ᠦᠨᠳᠦᠰᠦᠲᠡᠨ ᠦ᠌  
 ᠦᠭᠡᠢᠷᠡᠵᠦ ᠪᠣᠯᠣᠰᠢ ᠦᠭᠡᠢ ᠡᠷᠬᠢᠮ ᠰᠣᠶᠣᠯᠲᠠᠨ ᠠ᠋!   

 ᠲᠩᠷᠢᠯᠢᠭ ᠤᠬᠠᠭᠠᠨ ᠢ᠋ᠶ᠋ᠠᠷ ᠳᠡᠯᠡᠬᠡᠢ ᠳ᠋ᠦ᠍ ᠠᠯᠳᠠᠷᠰᠢᠭᠰᠠᠨ  
 ᠲᠡᠨᠢᠭᠦᠨ ᠵᠢᠷᠭᠠᠯᠲᠤ ᠣᠮᠣᠭᠯᠠᠩ ᠮᠣᠩᠭᠣᠯ  
 ᠲᠡᠷᠡ ᠬᠣᠯᠠ ᠶ᠋ᠢᠨ ᠬᠦᠰᠡᠯ ᠡᠪᠦᠷᠲᠦᠭᠦᠯᠦᠭᠰᠡᠨ  
 ᠲᠡᠮᠳᠡᠭ ᠲᠣᠳᠣᠬᠠᠨ ᠨᠢᠭᠡᠨ ᠶᠠᠰᠤᠲᠠᠨ ᠠ᠋!   

 ᠡᠷᠬᠡᠰ ᠲᠩᠷᠢ ᠡᠴᠡ ᠪᠡᠨ ᠵᠠᠷᠯᠢᠭ ᠬᠦᠯᠢᠶᠡᠳᠡᠭ ᠪᠣᠰᠤᠭ᠎ᠠ ᠮᠣᠩᠭᠣᠯ  
 ᠡᠵᠢ ᠨᠤᠲᠤᠭ ᠠ᠋ᠴᠠ ᠪᠠᠨ ᠪᠤᠶᠠᠨ ᠬᠤᠷᠠᠭᠤᠯᠳᠠᠭ ᠬᠡᠰᠢᠭᠲᠡᠨ ᠮᠣᠩᠭᠣᠯ  
 ᠶᠡᠬᠡ ᠪᠠᠢᠭᠠᠯᠢ ᠠ᠋ᠴᠠ ᠪᠠᠨ ᠠᠮᠢᠰᠬᠤᠯ ᠠᠪᠳᠠᠭ ᠬᠦᠴᠦᠲᠦ ᠮᠣᠩᠭᠣᠯ  
 ᠡᠬᠡ ᠬᠡᠯᠡ ᠡᠴᠡ ᠪᠡᠨ ᠰᠢᠮ᠎ᠡ ᠬᠦᠷᠲᠡᠳᠡᠭ ᠥᠭᠡᠳᠡᠷᠬᠡᠭ ᠮᠣᠩᠭᠣᠯ ᠠ᠋   

 ᠬᠡᠢᠮᠣᠷᠢ ᠰᠡᠷᠭᠦᠭᠡᠬᠦ ᠭᠤᠷᠪᠠᠨ ᠰᠦᠯᠳᠡ ᠲᠡᠢ ᠠᠷᠤᠤᠬᠠᠨ ᠮᠣᠩᠭᠣᠯ  
 ᠬᠡᠵᠢᠶᠡᠳᠡ ᠣᠮᠣᠭᠰᠢᠬᠤ ᠪᠣᠭᠳᠠ ᠴᠢᠩᠭᠢᠰ ᠲᠡᠢ ᠰᠦᠷᠯᠢᠭ ᠮᠣᠩᠭᠣᠯ  
 ᠭᠠᠵᠠᠷ ᠲᠩᠷᠢ ᠳ᠋ᠦ᠍ ᠪᠡᠨ ᠰᠢᠲᠦᠭᠡᠨ ᠶᠡᠬᠡ ᠲᠡᠢ ᠠᠮᠤᠭᠤᠯᠠᠩ ᠮᠣᠩᠭᠣᠯ   
 ᠭᠠᠯᠪᠠ ᠳᠡᠯᠡᠬᠡᠢ ᠶ᠋ᠢ ᠲᠤᠷᠭᠢᠭᠤᠯᠤᠭᠰᠠᠨ ᠲᠡᠦᠬᠡ ᠲᠡᠢ ᠠᠭᠤᠤ ᠮᠣᠩᠭᠣᠯ ᠠ᠋!    

       ᠦᠰᠦᠭ ᠠᠮᠢᠯᠠᠭᠤᠯᠤᠭᠴᠢ᠄ ᠵᠢᠩᠯᠢᠬᠤᠸᠠᠷ