ᠴᠢᠨᠳᠠᠮᠤᠨᠢ ᠡᠷᠳᠡᠨᠢ -ᠪ ᠣᠳᠬᠤᠨᠪᠠᠶᠠᠷ Чандмэнэ эрдэн-Б Отгонбаяр
ᠴᠢᠨᠳᠠᠮᠤᠨᠢ ᠡᠷᠳᠡᠨᠢ
ᠰᠢᠯᠦᠭ᠄ ᠵᠠᠮᠴᠠ ᠶ᠋ᠢᠨ ᠪᠠᠳᠠᠷᠠ
ᠠᠶ᠎ᠠ᠄ ᠨᠠᠴᠤᠭ ᠤ᠋ᠨ ᠵᠠᠩᠴᠢᠨᠨᠣᠷᠪᠤ
— ᠪ· ᠣᠳᠬᠠᠨᠪᠠᠶᠠᠷ ᠳᠠᠭᠤᠯᠠᠨ᠎ᠠ
ᠬᠠᠷᠠᠬᠤ ᠨᠢᠳᠦᠨ ᠳ᠋ᠦ᠍ ᠭᠡᠢᠭᠰᠡᠨ ᠰᠠᠷᠠᠨ ᠴᠢ ᠮᠢᠨᠢ ᠬᠦ
ᠬᠠᠯᠭᠢᠬᠤ ᠵᠢᠷᠦᠬᠡᠨ ᠳ᠋ᠦ᠍ ᠰᠢᠩᠭᠡᠭᠡᠭᠰᠡᠨ ᠭᠡᠭᠡ ᠲᠡᠢ
ᠬᠠᠯᠠᠭᠤᠨ ᠭᠣᠣᠯ ᠢ᠋ ᠪᠤᠯᠭᠢᠭᠤᠯᠤᠭᠰᠠᠨ ᠭᠤᠸ᠎ᠠ ᠴᠢᠨᠢ ᠬᠦ
ᠬᠠᠰ ᠤ᠋ᠨ ᠲᠤᠶᠠᠭ᠎ᠠ ᠶ᠋ᠢ ᠴᠦ᠍ ᠪᠤᠯᠢᠶᠠᠭᠰᠠᠨ ᠣᠳᠣ ᠲᠠᠢ ᠶᠣᠣ
ᠬᠠᠩᠭᠠᠢ ᠭᠣᠪᠢ ᠶ᠋ᠢ ᠤᠶᠠᠷᠠᠭᠠᠭᠰᠠᠨ ᠠᠭᠠᠰᠢ ᠴᠢᠨᠢ ᠬᠦ
ᠬᠠᠳᠠ ᠶ᠋ᠢ ᠴᠦ᠍ ᠬᠠᠢᠯᠤᠭᠤᠯᠬᠤ ᠷᠢᠳᠢ ᠲᠡᠢ ᠶᠧ
ᠳᠡᠯᠭᠡᠷ ᠣᠷᠴᠢᠯᠠᠩ ᠳ᠋ᠤ᠌ ᠡᠭᠡᠭᠡᠭᠰᠡᠨ ᠨᠠᠷᠠᠨ ᠴᠢ ᠮᠢᠨᠢ ᠬᠦ
ᠳᠡᠯᠭᠡᠬᠦ ᠴᠡᠭᠡᠵᠢ ᠶ᠋ᠢ ᠠᠷᠢᠭᠤᠯᠠᠭᠰᠠᠨ ᠰᠠᠴᠤᠷᠠᠭ᠎ᠠ ᠲᠠᠢ
ᠳᠡᠯᠪᠡᠭᠡᠲᠦ ᠲᠣᠯᠲᠣ ᠶ᠋ᠢ ᠳᠡᠩᠰᠡᠯᠡᠭᠦᠯᠦᠭᠰᠡᠨ ᠭᠤᠸ᠎ᠠ ᠴᠢᠨᠢ ᠬᠦ
ᠳᠡᠩᠳᠡᠭᠦᠦ ᠬᠣᠯᠠ ᠶ᠋ᠢ ᠴᠦ᠍ ᠣᠢᠷᠠᠲᠤᠭᠤᠯᠬᠤ ᠴᠠᠯᠮ᠎ᠠ ᠲᠠᠢ
ᠳᠡᠯᠡᠬᠡᠢ ᠬᠣᠷᠸ᠎ᠠ ᠶ᠋ᠢ ᠪᠠᠶᠠᠰᠬᠠᠭᠰᠠᠨ ᠠᠭᠠᠰᠢ ᠴᠢᠨᠢ ᠬᠦ
ᠳᠠᠪᠵᠠᠨ ᠪᠠᠳᠠᠷᠠᠬᠤ ᠶ᠋ᠢᠨ ᠤᠷᠮ᠎ᠠ ᠲᠠᠢ
ᠴᠢᠩᠭᠠᠯᠠᠨ ᠲᠠᠲᠠᠭᠰᠠᠨ ᠬᠤᠭᠤᠷ ᠤ᠋ᠨ ᠮᠠᠨᠢ ᠴᠢᠪᠬᠠᠳᠠᠰᠤ ᠪᠠᠢᠨ᠎ᠠ ᠬᠦ
ᠴᠢᠨ᠌ᠭ᠌ᠳᠡᠯᠡᠨ ᠬᠥᠭ ᠢ᠋ ᠨᠢ ᠨᠡᠢᠯᠡᠭᠦᠯᠦᠩᠬᠡᠨ ᠰᠠᠭᠤᠯᠲᠠᠢ ᠳᠠ
ᠴᠢᠮ᠎ᠠ ᠶ᠋ᠢ ᠨᠠᠮ᠎ᠠ ᠶ᠋ᠢ ᠤᠴᠠᠷᠠᠭᠤᠯᠤᠭᠰᠠᠨ ᠳᠠᠭᠤᠤ ᠪᠠᠢᠨ᠎ᠠ ᠬᠦ
ᠴᠢᠷᠮᠠᠢᠨ ᠠᠶᠠᠰ ᠢ᠋ ᠨᠢ ᠬᠥᠭᠵᠢᠶᠡᠩᠬᠡᠨ ᠪᠠᠢᠯᠲᠠᠢ ᠳᠠ
ᠴᠢᠨᠳᠠᠮᠤᠨᠢ ᠡᠷᠳᠡᠨᠢ ᠶ᠋ᠢᠨ ᠰᠢᠨᠵᠢᠲᠠᠢᠬᠡᠨ ᠴᠢ ᠮᠢᠨᠢ ᠬᠦ
ᠴᠢᠨᠠᠳᠤ ᠶ᠋ᠢᠨ ᠢᠪᠡᠭᠡᠯ ᠢ᠋ᠶ᠋ᠡᠨ ᠬᠠᠢᠷᠠᠯᠠ ᠳᠠ
ᠴᠢᠨᠳᠠᠮᠤᠨᠢ ᠡᠷᠳᠡᠨᠢ ᠶ᠋ᠢᠨ ᠰᠢᠨᠵᠢᠲᠠᠢᠬᠡᠨ ᠴᠢ ᠮᠢᠨᠢ ᠬᠦ
ᠴᠢᠨᠠᠳᠤ ᠶ᠋ᠢᠨ ᠢᠪᠡᠭᠡᠯ ᠢ᠋ᠶ᠋ᠡᠨ ᠬᠠᠢᠷᠠᠯᠠ ᠳᠠ
ᠴᠢᠨᠠᠳᠤ ᠶ᠋ᠢᠨ ᠢᠪᠡᠭᠡᠯ ᠢ᠋ᠶ᠋ᠡᠨ ᠬᠠᠢᠷᠠᠯᠠ ᠳᠠ
ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
ᠬᠢᠨᠠᠭᠴᠢ᠄ ᠣᠳᠬᠠᠨᠰᠣ᠎ᠡ᠂ ᠠ᠊· ᠰᠠᠷᠠᠨᠭᠡᠷᠡᠯ
