ᠲᠠᠭᠠᠪᠤᠷᠢᠴᠢᠨ ᠭᠤᠷᠪᠠᠨ ᠬᠦᠦТааварчин гураван хүү ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠭᠠᠪᠤᠷᠢᠴᠢᠨ ᠭᠤᠷᠪᠠᠨ ᠬᠦᠦТааварчин гураван хүү

ᠲᠠᠭᠠᠪᠤᠷᠢᠴᠢᠨ ᠭᠤᠷᠪᠠᠨ ᠬᠦᠦТааварчин гураван хүү

ᠠᠩᠭᠢᠯᠠᠯ:ᠳᠣᠮᠣᠭ ᠦᠯᠢᠭᠡᠷ
2025-04-06

1052

ᠲᠠᠭᠠᠪᠤᠷᠢᠴᠢᠨ ᠭᠤᠷᠪᠠᠨ ᠬᠦᠦ

     ᠡᠷᠲᠡ ᠤᠷᠢᠳᠤ ᠨᠢᠭᠡᠨ ᠰᠠᠢᠨ ᠴᠠᠭ ᠲᠤ᠌ ᠭᠡᠨ᠎ᠡ᠂ ᠰᠦᠨ ᠳᠠᠯᠠᠢ ᠱᠠᠯᠪᠠᠭ ᠪᠠᠢᠬᠤ ᠶ᠋ᠢᠨ ᠴᠠᠭ ᠲᠤ᠌     ᠰᠦᠮᠪᠦᠷ ᠠᠭᠤᠯᠠ ᠳᠣᠪᠣ ᠪᠠᠢᠬᠤ ᠶ᠋ᠢᠨ ᠴᠠᠭ ᠲᠤ᠌ ᠡᠨᠡ ᠽᠠᠮᠪᠤᠯᠢᠩ ᠤ᠋ᠨ ᠣᠷᠣᠨ ᠳ᠋ᠤ᠌ ᠥᠨᠥᠴᠢᠨ ᠭᠤᠷᠪᠠᠨ ᠬᠦᠦ ᠪᠠᠢᠵᠤ ᠭᠡᠨ᠎ᠡ᠃
    ᠲᠡᠳᠡᠨ ᠦ᠌ ᠬᠢ ᠭᠠᠭᠴᠠ ᠲᠤᠭᠤᠯ ᠲᠠᠢ ᠦᠨᠢᠶ᠎ᠡ ᠲᠡᠢ᠂ ᠦᠨᠢᠶᠡᠨ ᠦ᠌ ᠭᠤᠷᠪᠠᠨ ᠬᠥᠬᠥ ᠶ᠋ᠢ ᠭᠤᠷᠪᠠᠨ ᠬᠦᠦ᠂ ᠨᠢᠭᠡ ᠬᠥᠬᠥ ᠶ᠋ᠢ ᠲᠤᠭᠤᠯ ᠬᠥᠬᠥᠵᠦ ᠭᠡᠳᠡᠰᠦ ᠪᠡᠨ ᠴᠠᠳᠬᠠᠳᠠᠭ ᠶᠤᠮᠰᠠᠨᠵᠠᠢ᠃
    ᠭᠡᠲᠡᠯ᠎ᠡ ᠨᠢᠭᠡ ᠡᠳᠦᠷ ᠭᠠᠭᠴᠠ ᠦᠨᠢᠶ᠎ᠡ ᠨᠢ ᠪᠡᠯᠴᠢᠭᠡᠷ ᠲᠦ ᠭᠠᠷᠤᠭᠠᠳ ᠡᠷᠭᠢᠵᠦ ᠢᠷᠡᠭᠰᠡᠨ ᠦᠭᠡᠢ᠂ ᠡᠳᠦᠷᠵᠢᠨ ᠨᠢᠳᠦ ᠪᠡᠨ ᠴᠢᠯᠡᠲᠡᠯ᠎ᠡ ᠬᠠᠷᠠᠪᠠ᠂ ᠪᠠᠷ᠎ᠠ ᠴᠦ᠍ ᠦᠭᠡᠢ᠂ ᠬᠣᠶᠠᠷ ᠡᠳᠦᠷ ᠬᠠᠷᠠᠪᠠ᠂ ᠠᠵᠢᠭ ᠰᠤᠷᠠᠭ ᠴᠤ᠌ ᠠᠯᠠᠭ᠎ᠠ᠂ ᠭᠤᠷᠪᠠᠨ ᠡᠳᠦᠷ ᠪᠣᠯᠬᠤᠯ᠎ᠠ ᠲᠤᠭᠤᠯ ᠨᠢ ᠬᠠᠷᠠᠩᠭᠤᠳᠴᠤ ᠦᠬᠦᠪᠡ᠃
    ᠭᠤᠷᠪᠠᠨ ᠬᠦᠦ ᠬᠣᠯᠠ ᠣᠢᠷ᠎ᠠ ᠰᠤᠷᠠᠭ ᠠᠵᠢᠭ ᠲᠠᠯᠪᠢᠵᠤ᠂ ᠦᠨᠢᠶ᠎ᠡ ᠪᠡᠨ ᠡᠷᠢᠭᠰᠡᠭᠡᠷ ᠬᠠᠢᠭᠰᠠᠭᠠᠷ ᠨᠤᠲᠤᠭ ᠤ᠋ᠨ ᠨᠣᠶᠠᠨ ᠤ᠋ ᠳ᠋ᠤ᠌ ᠣᠴᠢᠪᠠ ᠭᠡᠨ᠎ᠡ᠂ ᠨᠣᠶᠠᠨ ᠲᠡᠳᠡᠨ ᠳ᠋ᠦ᠍ ᠨᠠᠢᠷ ᠲᠠᠯᠪᠢᠵᠤ ᠦᠬᠡᠷ ᠦ᠋ᠨ ᠳᠠᠯᠤ ᠴᠢᠨᠠᠵᠤ ᠥᠭᠪᠡ᠂ ᠬᠣᠭᠣᠯᠠ ᠪᠠᠷᠠᠬᠤ ᠪᠠᠷ ᠠᠬ᠎ᠠ ᠨᠢ᠂
   — ᠡᠨᠡ ᠴᠦ᠍ ᠮᠠᠨ ᠤ᠋ ᠮᠢᠬ᠎ᠠ ᠪᠠᠢᠨ᠎ᠠ ᠳᠠ ᠭᠡᠵᠦ ᠭᠡᠨ᠎ᠡ᠂ ᠳᠤᠮᠳᠠ ᠬᠦᠦ ᠬᠠᠷᠠᠵᠤ ᠬᠠᠷᠠᠵᠤ᠂
   — ᠦᠨᠢᠶᠡᠨ ᠦ᠌ ᠳᠠᠯᠤ ᠪᠠᠢᠨ᠎ᠠ ᠭᠡᠯ᠎ᠡ᠂ ᠪᠠᠭ᠎ᠠ ᠨᠢ ᠲᠡᠨᠳᠡ ᠡᠴᠡ ᠰᠡᠷᠲᠡᠰᠬᠢᠵᠤ᠂
   — ᠲᠡᠭᠡᠪᠡᠯ ᠨᠠᠭᠠᠳᠤᠬᠢ ᠴᠢᠨᠢ ᠮᠠᠨ ᠤ᠋ ᠦᠨᠢᠶ᠎ᠡ ᠶ᠋ᠢᠨ ᠳᠠᠯᠤ ᠪᠠᠢᠨ᠎ᠠ ᠭᠡᠵᠦ ᠬᠡᠯᠡᠪᠡ᠂ ᠨᠣᠶᠠᠨ ᠪᠠᠷᠢᠴᠠ ᠠᠯᠳᠠᠵᠤ᠂
   — ᠡᠨᠡ ᠳᠠᠯᠤ ᠲᠠᠨ ᠤ᠋ ᠦᠨᠢᠶ᠎ᠡ ᠶ᠋ᠢᠨ ᠳᠠᠯᠤ ᠭᠡᠳᠡᠭ ᠢ᠋ ᠲᠠ ᠨᠠᠷ ᠶᠠᠭᠠᠬᠢᠵᠤ ᠮᠡᠳᠡᠪᠡ ᠭᠡᠵᠦ ᠠᠰᠠᠭᠤᠬᠤᠢ ᠳ᠋ᠤ᠌ ᠲᠡᠳᠡ᠂
   — ᠳᠠᠭᠠᠭᠠᠳ ᠮᠡᠳᠡᠴᠢᠬᠡᠯ᠎ᠡ ᠭᠡᠵᠦ ᠬᠠᠷᠢᠭᠤᠯᠵᠠᠢ᠂ ᠨᠣᠶᠠᠨ ᠥᠨᠳᠡᠰᠬᠢᠵᠦ᠂
   — ᠲᠠ ᠨᠠᠷ ᠳᠠᠭᠠᠬᠤ ᠳ᠋ᠤ᠌ ᠪᠠᠨ ᠮᠤᠨᠳᠠᠭ ᠤᠤ᠂ ᠠᠩ ᠭᠡᠵᠦ ᠠᠰᠠᠭᠤᠪᠠᠰᠤ ᠭᠤᠷᠪᠠᠨ ᠬᠦᠦ᠂
   — ᠳᠠᠭᠠᠬᠤ ᠭᠡᠰᠡᠨ ᠶᠠᠭᠤᠮ᠎ᠠ ᠪᠠᠨ ᠳᠠᠭᠠᠵᠤ ᠯᠠ ᠣᠷᠬᠢᠳᠠᠭ ᠶᠤᠮ ᠭᠡᠵᠦ ᠬᠡᠪᠡᠨᠡᠭ ᠬᠠᠷᠢᠭᠤᠯᠵᠠᠢ᠃
   — ᠨᠣᠶᠠᠨ ᠲᠡᠭᠡᠩᠭᠦᠲᠡ ᠲᠡᠳᠡᠨ ᠢ᠋ ᠰᠣᠷᠢᠵᠤ ᠦᠵᠡᠮᠡᠷ ᠰᠠᠨᠠᠭᠳᠠᠭᠠᠳ᠂
   — ᠲᠠ ᠨᠠᠷ ᠲᠡᠭᠡᠪᠡᠯ ᠭᠡᠷ ᠡᠴᠡ ᠭᠠᠷᠴᠤ ᠪᠠᠢᠬᠲᠤᠨ ᠭᠡᠳ ᠭᠤᠷᠪᠠᠨ ᠬᠦᠦ ᠶ᠋ᠢ ᠭᠠᠳᠠᠭ᠎ᠠ ᠭᠠᠷᠭᠠᠭᠰᠠᠨ ᠬᠣᠢᠨ᠎ᠠ ᠭᠤᠷᠪᠠᠨ ᠱᠠᠭᠠᠵᠠᠩ ᠳ᠋ᠤ᠌ ᠶᠠᠭᠤᠮ᠎ᠠ ᠬᠢᠵᠦ ᠬᠥᠮᠥᠷᠢᠵᠦ ᠲᠠᠯᠪᠢᠭᠠᠳ᠂
   — ᠵᠠ ᠣᠳᠣ ᠣᠷᠣᠭᠠᠳ ᠢᠷ᠎ᠡ ᠭᠡᠮᠡᠨ ᠳᠠᠭᠤᠳᠠᠪᠠ᠂ ᠣᠷᠣᠵᠤ ᠢᠷᠡᠩᠭᠦᠲᠡ ᠵᠡᠷᠭᠡᠴᠡᠭᠦᠯᠵᠦ ᠰᠠᠭᠤᠯᠭᠠᠭᠠᠳ᠂
   — ᠲᠡᠷᠡ ᠳᠡᠭᠡᠳᠦ ᠲᠠᠯ᠎ᠠ ᠶ᠋ᠢᠨ ᠠᠶᠠᠭᠠᠨ ᠳ᠋ᠤ᠌ ᠶᠠᠭᠤ ᠪᠠᠢᠨ᠎ᠠ᠂ ᠬᠡᠯᠡᠰᠦᠭᠡᠢ ᠭᠡᠮᠡᠨ ᠪᠠᠢᠴᠠᠭᠠᠵᠠᠢ᠂ ᠠᠬᠠᠮᠠᠳ ᠬᠥᠪᠡᠭᠦᠨ᠂   
   — ᠪᠦᠪ ᠪᠥᠭᠡᠷᠡᠩᠬᠡᠢ ᠶᠠᠭᠤᠮ᠎ᠠ ᠪᠠᠢᠨ᠎ᠠ ᠭᠡᠩᠭᠦᠲᠡ᠂ ᠳᠤᠮᠳᠠ ᠬᠥᠪᠡᠭᠦᠨ ᠨᠢᠳᠦ ᠪᠡᠨ ᠡᠷᠭᠢᠯᠳᠦᠭᠦᠯᠵᠦ ᠪᠠᠢᠭᠰᠠᠨ ᠢ᠋ᠶ᠋ᠠᠨ᠂
    ᠰᠢᠪ ᠰᠢᠷ᠎ᠠ ᠶᠠᠭᠤᠮ᠎ᠠ ᠪᠠᠢᠨ᠎ᠠ ᠭᠡᠪᠡ᠂ ᠪᠠᠭ᠎ᠠ ᠬᠥᠪᠡᠭᠦᠨ ᠥᠨᠳᠡᠰᠬᠢᠭᠰᠡᠨ ᠢ᠋ᠶ᠋ᠡᠨ᠂
   — ᠪᠦᠪ ᠪᠥᠭᠡᠷᠡᠩᠬᠡᠢ᠂ ᠰᠢᠪ ᠰᠢᠷ᠎ᠠ ᠶᠠᠭᠤᠮ᠎ᠠ ᠪᠣᠯ ᠪᠣᠭᠱᠣᠷᠭ᠎ᠠ ᠶ᠋ᠢᠨ ᠥᠨᠳᠡᠭᠡ ᠪᠠᠢᠯᠭᠦᠢ ᠭᠡᠵᠦ ᠬᠡᠯᠡᠪᠡ᠂ ᠨᠣᠶᠠᠨ ᠬᠥᠮᠥᠷᠢᠭᠰᠡᠨ ᠠᠶᠠᠭ᠎ᠠ ᠪᠠᠨ ᠠᠪᠤᠭᠠᠳ ᠦᠵᠡᠪᠡᠰᠦ ᠪᠣᠭᠱᠣᠷᠭ᠎ᠠ ᠶ᠋ᠢᠨ ᠥᠨᠳᠡᠭᠡ ᠪᠥᠨᠳᠦᠢᠵᠦ ᠪᠠᠢᠬᠤ ᠨᠢ ᠲᠡᠷᠡ᠃
    ᠨᠣᠶᠠᠨ ᠪᠣᠳᠣᠯᠬᠢᠯᠠᠵᠤ ᠰᠠᠭᠤᠭᠰᠠᠨ ᠢ᠋ᠶ᠋ᠠᠨ᠂
   — ᠵᠠ ᠲᠡᠭᠡᠪᠡᠯ ᠳᠤᠮᠳᠠ ᠶ᠋ᠢᠨ ᠠᠶᠠᠭᠠᠨ ᠳ᠋ᠤ᠌ ᠶᠠᠭᠤ ᠪᠠᠢᠭ᠎ᠠ ᠶ᠋ᠢ ᠬᠡᠯᠡᠰᠦᠭᠡᠢ ᠭᠡᠵᠦ ᠠᠰᠠᠭᠤᠪᠠ᠂ ᠠᠬᠠᠮᠠᠳ ᠬᠥᠪᠡᠭᠦᠨ ᠬᠠᠷᠠᠵᠤ ᠪᠠᠢᠭᠠᠳ᠂
   — ᠤᠪ ᠤᠯᠠᠭᠠᠨ ᠶᠠᠭᠤᠮ᠎ᠠ ᠪᠠᠢᠨ᠎ᠠ ᠭᠡᠳ ᠤᠷᠤᠭᠤᠯ ᠢ᠋ᠶ᠋ᠠᠨ ᠥᠮᠥᠯᠵᠡᠭᠦᠯᠪᠡ᠂ ᠳᠤᠮᠳᠠ ᠬᠥᠪᠡᠭᠦᠨ ᠠᠭᠱᠠᠨ ᠬᠢᠷᠢᠲᠡᠢ ᠪᠣᠳᠣᠵᠤ ᠪᠠᠢᠭᠰᠠᠨ ᠢ᠋ᠶ᠋ᠠᠨ᠂
   — ᠠᠪ ᠠᠮᠲᠠᠲᠠᠢ ᠶᠠᠭᠤᠮ᠎ᠠ ᠪᠠᠢᠨ᠎ᠠ ᠭᠡᠯ᠎ᠡ᠂ ᠪᠠᠭ᠎ᠠ ᠬᠥᠪᠡᠭᠦᠨ ᠲᠡᠨᠳᠡ ᠡᠴᠡ ᠨᠢᠳᠦ ᠪᠡᠨ ᠭᠢᠯᠠᠯᠵᠠᠭᠤᠯᠵᠤ ᠪᠠᠢᠭᠰᠠᠨ ᠢ᠋ᠶ᠋ᠠᠨ᠂
   — ᠤᠪ ᠤᠯᠠᠭᠠᠨ ᠪᠠᠰᠠ ᠠᠮᠲᠠᠲᠠᠢ ᠶᠠᠭᠤᠮ᠎ᠠ ᠪᠣᠯ ᠴᠢᠪᠠᠭ᠎ᠠ ᠯᠠ ᠪᠢᠵᠡ ᠭᠡᠵᠦ ᠬᠡᠯᠡᠭᠰᠡᠨ ᠳ᠋ᠦ᠍ ᠨᠡᠭᠡᠷᠡᠨ ᠲᠡᠷᠡ ᠠᠶᠠᠭᠠᠨ ᠳ᠋ᠤ᠌ ᠨᠢ ᠴᠢᠪᠠᠭ᠎ᠠ ᠪᠠᠢᠵᠠᠢ᠂ ᠨᠣᠶᠠᠨ ᠬᠥᠮᠥᠰᠬᠡ ᠪᠡᠨ ᠵᠠᠩᠭᠢᠳᠴᠤ ᠰᠠᠭᠤᠭᠰᠠᠨ ᠢ᠋ᠶ᠋ᠠᠨ᠂
   — ᠣᠳᠣ ᠬᠠᠮᠤᠭ ᠤ᠋ᠨ ᠰᠡᠭᠦᠯ ᠦ᠋ᠨ ᠱᠠᠭᠠᠵᠠᠩ ᠳ᠋ᠤ᠌ ᠶᠠᠭᠤ ᠪᠠᠢᠭ᠎ᠠ ᠶ᠋ᠢ ᠬᠡᠯᠡᠭᠡᠳ ᠣᠷᠭᠢ ᠳᠠ ᠭᠡᠮᠡᠨ ᠲᠤᠯᠭᠠᠪᠠ᠂ ᠠᠬᠠᠮᠠᠳ ᠬᠦᠦ ᠨᠢ᠂
   — ᠲᠥᠪ ᠲᠥᠭᠥᠷᠢᠭ ᠶᠠᠭᠤᠮ᠎ᠠ ᠪᠠᠢᠨ᠎ᠠ ᠭᠡᠵᠦ ᠬᠡᠯᠡᠯ᠎ᠡ᠂ ᠳᠤᠮᠳᠠ ᠬᠦᠦ ᠬᠠᠷᠠᠵᠤ ᠬᠠᠷᠠᠵᠤ᠂
   — ᠳᠤᠮᠳᠠ ᠪᠠᠨ ᠨᠦᠬᠡ ᠲᠡᠢ ᠶᠠᠭᠤᠮ᠎ᠠ ᠪᠠᠢᠨ᠎ᠠ ᠭᠡᠵᠦ ᠳᠤᠤᠭᠠᠷᠪᠠ᠂ ᠪᠠᠭ᠎ᠠ ᠬᠦᠦ ᠲᠡᠨᠳᠡ ᠡᠴᠡ᠂
   — ᠲᠥᠪ ᠲᠥᠭᠥᠷᠢᠭ᠂ ᠳᠤᠮᠳᠠ ᠪᠠᠨ ᠨᠦᠬᠡ ᠲᠡᠢ ᠶᠠᠭᠤᠮ᠎ᠠ ᠪᠣᠯ ᠭᠠᠤᠯᠢᠨ ᠵᠣᠭᠣᠰ ᠯᠠ ᠪᠠᠢᠨ᠎ᠠ ᠭᠡᠯ᠎ᠡ᠃
    ᠲᠡᠢᠨ ᠬᠦ᠌ ᠭᠤᠷᠪᠠᠨ ᠬᠦᠦ ᠭᠤᠷᠪᠠᠨ ᠠᠶᠠᠭᠠᠨ ᠳ᠋ᠠᠬᠢ ᠶ᠋ᠢ ᠭᠤᠷᠪᠠᠭᠤᠯᠠ ᠶ᠋ᠢ ᠳᠠᠭᠠᠴᠢᠬᠠᠪᠠ᠃
      ᠨᠣᠶᠠᠨ ᠨᠤᠲᠤᠭ ᠤᠰᠤᠨ ᠳ᠋ᠤ᠌ ᠪᠠᠨ ᠡᠢᠮᠦ ᠮᠤᠨᠳᠠᠭ ᠲᠠᠭᠠᠪᠤᠷᠢᠴᠢ ᠨᠡᠷᠡᠲᠡᠢ ᠪᠣᠯᠬᠤ ᠭᠡᠮᠡᠨ ᠪᠠᠶᠠᠷᠯᠠᠵᠤ᠂ ᠬᠥᠯ ᠠᠯᠲᠠᠨ ᠰᠢᠨ᠎ᠡ ᠭᠡᠷ ᠪᠠᠷᠢᠵᠤ ᠬᠣᠨᠢ ᠭᠠᠷᠭᠠᠨ ᠠᠢᠷᠠᠭ ᠰᠥᠩᠨᠡᠪᠡ᠂ ᠪᠦᠷ ᠨᠠᠢᠷ ᠬᠤᠷᠢᠮ ᠡᠭᠦᠰᠬᠡᠯ᠎ᠡ᠂ ᠲᠡᠭᠡᠭᠡᠳ ᠨᠠᠢᠷ ᠵᠢᠭᠳᠡᠷᠡᠵᠦ ᠠᠬᠤᠢ ᠳ᠋ᠤ᠌ ᠭᠡᠷ ᠡᠴᠡ ᠪᠡᠨ ᠭᠠᠷᠴᠤ ᠵᠠᠷᠤᠴᠠ ᠪᠠᠨ ᠳᠠᠭᠤᠳᠠᠭᠠᠳ᠂
   — ᠲᠡᠳᠡ ᠶᠠᠭᠤ ᠬᠡᠯᠡᠯᠴᠡᠵᠦ ᠪᠠᠢᠨ᠎ᠠ᠂ ᠮᠡᠳᠡᠭᠡᠳ ᠢᠷ᠎ᠡ ᠭᠡᠳ ᠶᠠᠪᠤᠭᠤᠯᠪᠠᠢ᠂ ᠵᠠᠷᠤᠴᠠ ᠨᠢ ᠣᠴᠢᠭᠠᠳ ᠭᠡᠷ ᠦ᠋ᠨ ᠭᠠᠳᠠᠨ᠎ᠠ ᠠ᠋ᠴᠠ ᠴᠢᠬᠢ ᠲᠠᠯᠪᠢᠨ ᠵᠢᠭᠠᠬᠠᠨ ᠵᠣᠭᠰᠣᠲᠠᠯ᠎ᠠ ᠬᠥᠪᠡᠭᠦᠳ ᠡᠢᠨ ᠬᠡᠯᠡᠯᠴᠡᠵᠦ ᠠᠪᠠᠢ᠃
   — ᠠᠢᠷᠠᠭ ᠴᠤ᠌ ᠰᠠᠢᠬᠠᠨ ᠠᠢᠷᠠᠭ ᠪᠠᠢᠨ᠎ᠠ᠂ ᠳᠠᠩᠴᠤ ᠬᠥᠮᠦᠨ ᠦ᠌ ᠴᠢᠰᠤ ᠲᠠᠢ ᠠᠢᠷᠠᠭ ᠪᠠᠢᠨ᠎ᠠ᠃
   — ᠮᠢᠬ᠎ᠠ ᠴᠤ᠌ ᠮᠢᠬ᠎ᠠ ᠶᠤᠮ ᠠ᠋᠂ ᠳᠠᠩᠴᠤ ᠨᠣᠬᠠᠢ ᠶ᠋ᠢᠨ ᠮᠢᠬ᠎ᠠ ᠶᠤᠮ ᠪᠠᠢᠨ᠎ᠠ᠃
   —  ᠨᠣᠶᠠᠨ ᠴᠤ᠌ ᠨᠣᠶᠠᠨ ᠪᠠᠢᠨ᠎ᠠ ᠳᠠᠩᠴᠤ ᠬᠠᠷᠢ ᠶ᠋ᠢᠨ ᠬᠡᠦᠬᠡᠳ ᠶᠤᠮ᠃
    ᠡᠢᠨ ᠬᠡᠯᠡᠯᠴᠡᠵᠦ ᠪᠣᠢ ᠶ᠋ᠢ ᠨᠢ ᠲᠤᠭᠤᠯᠤᠭᠰᠠᠨ ᠨᠣᠶᠠᠨ ᠠᠭᠤᠷᠯᠠᠵᠤ᠂ ᠬᠣᠨᠢᠴᠢᠨ ᠢ᠋ᠶ᠋ᠠᠨ ᠳᠠᠭᠤᠳᠠᠨ ᠠᠰᠠᠭᠤᠪᠠᠯ᠂
    ᠶᠠᠭᠠᠬᠢᠯ᠎ᠠ ᠭᠡᠵᠦ ᠨᠣᠬᠠᠢ ᠶ᠋ᠢᠨ ᠮᠢᠬ᠎ᠠ ᠪᠠᠢᠬᠤ ᠪᠣᠢ ᠳᠠ᠂ ᠨᠣᠶᠠᠨ ᠮᠢᠨᠢ᠂ ᠬᠤᠷᠠᠭ᠎ᠠ ᠪᠠᠢᠬᠤ ᠳ᠋ᠤ᠌ ᠨᠢ ᠡᠬᠡ ᠨᠢ ᠦᠬᠦᠭᠡᠳ᠂ ᠨᠣᠬᠠᠢ ᠶ᠋ᠢᠨ ᠬᠥᠬᠥ ᠪᠡᠷ ᠮᠠᠯ ᠪᠣᠯᠤᠭᠰᠠᠨ ᠠᠮᠢᠲᠠᠨ ᠪᠠᠢᠬᠤ ᠦᠭᠡᠢ ᠦᠦ᠂ ᠵᠠᠢᠯᠠᠭᠤᠯ᠂ ᠲᠡᠷᠡ ᠬᠣᠨᠢ ᠶ᠋ᠢ ᠯᠡ ᠭᠠᠷᠭᠠᠵᠤ ᠥᠭᠭᠦᠭᠰᠡᠨ ᠪᠢᠯᠡ ᠭᠡᠵᠦ ᠭᠡᠨ᠎ᠡ᠂ ᠲᠡᠭᠡᠩᠭᠦᠲᠡ ᠨᠣᠶᠠᠨ ᠠᠳᠤᠭᠤᠴᠢᠨ ᠢ᠋ᠶ᠋ᠠᠨ ᠳᠠᠭᠤᠳᠠᠨ ᠢᠷᠡᠭᠦᠯᠵᠦ ᠪᠠᠢᠴᠠᠭᠠᠪᠠᠯ᠂
    ᠪᠢ ᠮᠣᠷᠢ ᠤᠷᠭᠠᠯᠠᠵᠤ ᠪᠠᠢᠭᠠᠳ ᠭᠠᠷ ᠢ᠋ᠶ᠋ᠠᠨ ᠤᠷᠭᠠᠨ ᠳ᠋ᠤ᠌ ᠰᠢᠪᠲᠤᠷᠴᠤ ᠴᠢᠰᠤ ᠭᠠᠷᠤᠭᠠᠳ ᠤᠰᠤᠨ ᠳ᠋ᠤ᠌ ᠲᠤᠰᠬᠠᠴᠢᠬᠠᠭᠰᠠᠨ ᠶᠤᠮ᠂ ᠲᠡᠷᠡ ᠤᠰᠤᠨ ᠠ᠋ᠴᠠ ᠨᠢ ᠭᠡᠭᠦᠦ ᠨᠤᠭᠦᠳ ᠤᠮᠳᠠᠭᠠᠯᠠᠵᠤ ᠯᠠ ᠳᠠ ᠭᠡᠵᠦ ᠬᠠᠷᠢᠭᠤᠯᠪᠠᠢ᠃
      ᠨᠣᠶᠠᠨ ᠶᠠᠮᠠᠷ ᠠᠢᠬᠤᠪᠲᠤᠷ ᠳᠠᠭᠠᠳᠠᠭ ᠬᠡᠦᠬᠡᠳ ᠦᠳ ᠪᠣᠢ ᠭᠡᠵᠦ ᠭᠠᠢᠬᠠᠭᠰᠠᠭᠠᠷ᠂ ᠭᠡᠷ ᠲᠦ ᠪᠡᠨ ᠣᠷᠣᠵᠤ ᠢᠷᠡᠭᠡᠳ ᠨᠠᠰᠤᠨ ᠥᠨᠳᠥᠷ ᠡᠵᠢ ᠡᠴᠡ ᠪᠡᠨ᠂
    ᠪᠢ ᠬᠡᠨ ᠦ᠌ ᠬᠡᠦᠬᠡᠳ ᠶᠤᠮ ᠪᠣᠢ ᠭᠡᠵᠦ ᠠᠰᠠᠭᠤᠪᠠᠯ᠂ ᠡᠵᠢ ᠨᠢ ᠲᠦᠯᠢᠭᠡᠨᠡᠵᠦ ᠪᠠᠢᠭᠰᠠᠨ ᠢ᠋ᠶ᠋ᠠᠨ᠂
   — ᠵᠢᠩᠬᠢᠨᠢ ᠡᠴᠢᠭᠡ ᠴᠢᠨᠢ ᠬᠠᠷᠢ ᠬᠥᠮᠦᠨ ᠪᠠᠢᠭᠰᠠᠨ ᠶᠤᠮ ᠠ᠋ ᠭᠡᠮᠡᠨ ᠴᠢᠩ ᠦᠨᠡᠨ ᠢ᠋ ᠥᠴᠢᠵᠡᠢ᠃
    ᠨᠣᠶᠠᠨ ᠤ᠋ ᠤᠷᠮ᠎ᠠ ᠬᠤᠭᠤᠷᠠᠭᠰᠠᠨ ᠭᠡᠵᠦ ᠲᠤᠢᠯ ᠦᠭᠡᠢ᠂ ᠭᠤᠷᠪᠠᠨ ᠬᠦᠦ ᠶ᠋ᠢᠨ ᠭᠠᠭᠴᠠ ᠲᠤᠭᠤᠯ ᠲᠠᠢ ᠦᠨᠢᠶ᠎ᠡ ᠶ᠋ᠢ ᠬᠤᠯᠠᠭᠤᠨ ᠠᠪᠴᠤ ᠠᠯᠠᠵᠤ ᠢᠳᠡᠭᠰᠡᠨ ᠢ᠋ᠶ᠋ᠡᠨ ᠬᠦᠯᠢᠶᠡᠵᠦ ᠭᠡᠨ᠎ᠡ᠂ ᠲᠡᠭᠡᠭᠡᠳ ᠭᠤᠷᠪᠠᠨ ᠬᠦᠦ ᠶ᠋ᠢᠨ ᠠᠬ᠎ᠠ ᠶ᠋ᠢ ᠨᠣᠶᠠᠨ ᠪᠣᠯᠭᠠᠵᠤ ᠥᠪᠡᠷ ᠦ᠋ᠨ ᠢ᠋ᠶ᠋ᠡᠨ ᠣᠷᠣᠨ ᠳ᠋ᠤ᠌ ᠡᠷᠭᠦᠮᠵᠢᠯᠡᠭᠡᠳ᠂ ᠬᠣᠶᠠᠷ ᠳᠡᠭᠦᠦ ᠶ᠋ᠢ ᠨᠢ ᠲᠦᠰᠢᠮᠡᠯ ᠪᠣᠯᠭᠠᠨ ᠳᠡᠷᠭᠡᠳᠡ ᠨᠢ ᠰᠠᠭᠤᠯᠭᠠᠵᠤ ᠥᠭᠭᠦᠭᠡᠳ᠂ ᠥᠪᠡᠷ ᠢ᠋ᠶ᠋ᠡᠨ ᠰᠤᠯᠠ ᠬᠥᠮᠦᠨ ᠪᠣᠯᠤᠨ ᠨᠤᠲᠤᠭ ᠬᠤᠰᠢᠭᠤᠨ ᠳ᠋ᠤ᠌ ᠪᠠᠨ ᠠᠮᠤᠷ ᠵᠢᠮᠦᠷ ᠠᠮᠢᠳᠤᠷᠠᠨ ᠰᠠᠭᠤᠬᠤ ᠪᠣᠯᠤᠭᠰᠠᠨ ᠭᠡᠳᠡᠭ᠃

    ᠦᠰᠦᠭ ᠠᠮᠢᠯᠠᠭᠤᠯᠤᠭᠴᠢ᠄ ᠵᠢᠩᠯᠢᠬᠤᠸᠠᠷ
    ᠦᠰᠦᠭ ᠬᠢᠨᠠᠭᠴᠢ᠄