ᠢᠲᠡᠭᠡᠯ ᠬᠡᠮᠡᠬᠦ ᠣᠷᠣᠰᠢᠪᠠᠢИтгэл хэмээх оршивой ᠱᠠᠰᠢᠨ ᠰᠢᠲᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠲᠡᠭᠡᠯ ᠬᠡᠮᠡᠬᠦ ᠣᠷᠣᠰᠢᠪᠠᠢИтгэл хэмээх оршивой

ᠢᠲᠡᠭᠡᠯ ᠬᠡᠮᠡᠬᠦ ᠣᠷᠣᠰᠢᠪᠠᠢИтгэл хэмээх оршивой

2025-04-06

982

ᠢᠲᠡᠭᠡᠯ ᠬᠡᠮᠡᠬᠦ ᠣᠷᠣᠰᠢᠪᠠᠢ

ᠲᠡᠭᠦᠰ ᠴᠣᠭᠲᠤ ᠢᠵᠠᠭᠤᠷ ᠤ᠋ᠨ ᠯᠠᠮᠠ ᠡᠷᠳᠡᠨᠢ᠃
ᠡᠮᠦᠨᠡᠲᠦ ᠣᠭᠲᠠᠷᠭᠤᠢ ᠳᠠ ᠤᠷᠤᠢ ᠳ᠋ᠡᠬᠢ ᠯᠢᠩᠬᠤ᠎ᠠ ᠳ᠋ᠤᠷ᠃ ᠵᠢᠷᠤᠬᠡᠨ ᠤ ᠯᠢᠩᠬᠤ᠎ᠠ ᠳ᠋ᠤᠷ᠃ ᠰᠠᠢᠲᠤᠷ ᠰᠠᠭᠤᠵᠤ᠃
ᠶᠡᠬᠡ ᠠᠴᠢ ᠶ᠋ᠢᠨ ᠡᠭᠦᠳᠡᠨ᠎ᠡ ᠳᠠᠭᠠᠨ ᠪᠠᠷᠢᠭᠠᠳ᠃
ᠪᠡᠶ᠎ᠡ ᠵᠠᠷᠯᠢᠭ ᠵᠢᠷᠦᠬᠡᠨ ᠦ᠌ ᠰᠢᠳᠢ ᠰᠣᠶᠣᠷᠬ᠎ᠠ ᠅
ᠵᠣᠷᠢᠭ ᠦᠭᠡᠢ ᠡᠨᠡᠷᠢᠬᠦᠢ ᠶᠡᠬᠡ ᠰᠠᠩ ᠤ᠋ᠨ ᠦᠵᠡᠭᠴᠢ᠃
ᠭᠬᠢᠷ ᠦ᠋ᠳ ᠦᠭᠡᠢ ᠮᠡᠳᠡᠭᠴᠢᠨ ᠦ᠌ ᠡᠷᠬᠡ ᠶ᠋ᠢᠨ ᠡᠵᠡᠨ ᠮᠠᠨᠽᠤᠰᠢᠷᠢ᠃
ᠴᠠᠰᠤᠳᠠᠨ ᠤ᠋ ᠮᠡᠷᠭᠡᠳ ᠪᠦᠭᠦᠢ ᠶ᠋ᠢᠨ ᠣᠷᠣᠢ ᠶ᠋ᠢᠨ ᠴᠢᠮᠡᠭ ᠽᠤᠩᠺᠠᠸ᠎ᠠ᠃
ᠰᠠᠢᠨ ᠤ᠋ ᠣᠶᠤᠨ ᠠᠯᠳᠠᠷ ᠴᠣᠭᠲᠤ ᠶ᠋ᠢᠨ ᠬᠥᠯ ᠳ᠋ᠤᠷ ᠵᠠᠯᠪᠠᠷᠢᠮᠤᠢ ᠪᠢ ᠅
ᠪᠦᠷᠢᠨ ᠲᠡᠭᠦᠰ ᠪᠤᠶᠠᠨ ᠴᠣᠭ ᠢ᠋ᠶ᠋ᠠᠷ ᠡᠭᠦᠰᠦᠭᠰᠡᠨ ᠪᠡᠶᠡᠲᠦ᠃
ᠬᠤᠪᠢᠳᠠᠨ ᠳ᠋ᠤᠷ ᠨᠣᠮᠯᠠᠬᠤᠢ ᠪᠠᠷ ᠬᠠᠩᠭᠠᠭᠤᠯᠬᠤᠢ ᠵᠠᠷᠯᠢᠬᠳᠦ᠃
ᠠᠮᠢᠲᠠᠨ ᠢ᠋ ᠦᠷᠡᠴᠢᠯᠡᠨ ᠨᠢᠭᠦᠯᠡᠰᠬᠦᠢ ᠰᠡᠳᠬᠢᠯᠲᠦ᠃
ᠸᠴᠢᠷᠳ᠋ᡁᠠᠷ᠎ᠠ ᠯᠠᠮ᠎ᠠ ᠳ᠋ᠠᠭᠠᠨ ᠮᠥᠷᠭᠥᠨ ᠰᠥᠭᠥᠳᠦᠮᠦ ᠪᠢ᠃
ᠪᠢ ᠪᠠᠷ ᠡᠳᠦᠢ ᠡᠴᠡ ᠪᠠᠷᠢᠨ ᠪᠣᠳᠢ ᠬᠤᠲᠤᠭ ᠬᠦᠷᠲᠡᠯ᠎ᠡ᠃
ᠪᠣᠭᠳᠠ ᠯᠠᠮ᠎ᠠ ᠴᠢᠮ᠎ᠠ ᠠ᠋ᠴᠠ ᠰᠠᠯᠤᠯ ᠦᠭᠡᠢ ᠳᠠᠭᠠᠵᠤ᠃
ᠵᠣᠬᠢᠰ ᠦᠭᠡᠢ ᠵᠦᠢᠯ ᠢ᠋ ᠲᠡᠪᠴᠢᠨ ᠵᠣᠬᠢᠰᠲᠤ ᠶ᠋ᠢ ᠪᠦᠲᠦᠭᠡᠨ᠃
ᠪᠢᠯᠢᠭ ᠬᠢᠭᠡᠳ ᠡᠨᠡᠷᠢᠯ ᠪᠠ ᠬᠢᠴᠢᠶᠡᠯ ᠢ᠋ ᠣᠯᠲᠤᠭᠠᠢ ᠅
ᠠᠴᠢᠲᠤ ᠡᠴᠢᠭᠡ ᠡᠬᠡ ᠲᠡᠷᠢᠭᠦᠲᠡᠨ ᠣᠭᠲᠠᠷᠭᠤᠢ ᠶ᠋ᠢᠨ ᠬᠢᠵᠠᠭᠠᠷ ᠯᠤᠭ᠎ᠠ ᠰᠡᠴᠡ 
ᠬᠠᠮᠤᠭ ᠠᠮᠢᠲᠠᠨ ᠡᠨᠡ ᠴᠠᠭ ᠠ᠋ᠴᠠ ᠡᠬᠢᠯᠡᠵᠦ ᠬᠡᠵᠢᠶ᠎ᠡ ᠪᠣᠳᠢ ᠬᠤᠲᠤᠭ ᠬᠦᠷᠦᠭᠡ ᠢᠨᠠᠷᠤ᠃ 
ᠠᠷᠪᠠᠨ ᠵᠦᠭ ᠦ᠋ᠨ ᠭᠤᠷᠪᠠᠨ ᠴᠠᠭ ᠤ᠋ᠨ ᠬᠠᠮᠤᠭ ᠲᠡᠭᠦᠨᠴᠢᠯᠡᠨ ᠢᠷᠡᠭᠰᠡᠳ ᠦ᠋ᠨ 
ᠪᠡᠶ᠎ᠡ ᠵᠠᠷᠯᠢᠭ ᠰᠡᠳᠬᠢᠯ ᠡᠷᠳᠡᠮ ᠦᠢᠯᠡᠰ ᠪᠦᠭᠦᠳᠡ ᠶ᠋ᠢ ᠨᠢᠭᠡᠨ᠎ᠡ ᠬᠤᠷᠢᠶᠠᠭᠰᠠᠨ ᠴᠢᠨᠠᠷᠲᠤ᠃ 
ᠨᠠᠶᠠᠨ ᠳᠥᠷᠪᠡᠨ ᠮᠢᠩᠭᠠᠨ ᠨᠣᠮ ᠤ᠋ᠨ ᠴᠣᠭᠴᠠ ᠭᠠᠷᠬᠤᠢ ᠶ᠋ᠢᠨ ᠣᠷᠣᠨ᠃
ᠬᠠᠮᠤᠭ ᠬᠤᠲᠤᠭᠲᠠᠨ ᠬᠤᠸᠠᠷᠠᠭ ᠤ᠋ᠨ ᠡᠵᠡᠨ ᠠᠴᠢᠲᠤ ᠢᠵᠠᠭᠤᠷ ᠦᠨᠳᠦᠰᠦᠨ ᠦ᠌ ᠳᠡᠭᠡᠳᠦ ᠴᠣᠭᠲᠤ ᠲᠡᠭᠦᠯᠳᠡᠷ ᠅
ᠯᠠᠮᠠ ᠳ᠋ᠤᠷ ᠢᠲᠡᠭᠡᠮᠦ ᠃
ᠪᠤᠷᠬᠠᠨ ᠳ᠋ᠤᠷ ᠢᠲᠡᠭᠡᠮᠦ᠃ 
ᠨᠣᠮ ᠳ᠋ᠤᠷ ᠢᠲᠡᠭᠡᠮᠦ᠃ 
ᠬᠤᠸᠠᠷᠠᠭ ᠲᠤᠷ ᠢᠲᠡᠭᠡᠮᠦ ᠅ ᠬᠡᠮᠡᠨ ᠣᠯᠠᠨᠲᠠ ᠤᠩᠰᠢᠮᠤᠢ
ᠢᠳᠠᠮ ᠮᠠᠨᠳᠠᠯ ᠤ᠋ᠨ ᠪᠤᠷᠬᠠᠨ ᠤ᠋ ᠴᠢᠭᠤᠯᠭᠠᠨ ᠨᠥᠬᠥᠳ ᠰᠡᠯᠲᠡ ᠪᠥᠬᠥᠳᠡ ᠳ᠋ᠠ ᠢᠲᠡᠭᠡᠮᠦ᠃
ᠴᠣᠭᠲᠤ ᠢᠲᠡᠭᠡᠯ ᠳᠡᠭᠡᠳᠦ ᠨᠣᠮ ᠤ᠋ᠨ ᠰᠠᠬᠢᠭᠤᠯᠰᠤᠨ ᠪᠡᠯᠭᠡ ᠪᠢᠯᠢᠭ ᠦ᠋ᠨ ᠨᠢᠳᠦᠨ ᠲᠡᠭᠦᠰᠦᠭᠰᠡᠤᠨ᠌᠎ᠡ ᠢᠲᠡᠭᠡᠮᠦ ᠅ᠭᠤᠷᠪᠠᠨᠲᠠ ᠤᠩᠰᠢᠮᠤᠢ
ᠪᠤᠷᠬᠠᠨ ᠨᠣᠮ ᠪᠠ ᠴᠢᠭᠤᠯᠭᠠᠨ ᠤ᠋ ᠳᠡᠭᠡᠳᠦᠬᠢ ᠨᠦᠬᠦᠤᠨ᠌᠎ᠡ᠃
ᠪᠣᠳᠢ ᠬᠤᠲᠤᠭ ᠬᠦᠷᠲᠡᠯ᠎ᠡ ᠪᠢ ᠠᠪᠤᠷᠠᠯ᠎ᠠ ᠤᠳᠤᠮᠤᠢ᠃
ᠥᠭᠯᠢᠭᠡ ᠪᠡᠷ ᠲᠡᠷᠢᠭᠦᠯᠡᠨ ᠮᠢᠨᠦ ᠡᠨᠡ ᠪᠣᠶᠠᠳ ᠢ᠋ᠶ᠋ᠠᠷ᠃
ᠠᠮᠢᠲᠠᠨ ᠤ᠋ ᠲᠤᠰᠠ ᠶ᠋ᠢᠨ ᠲᠤᠯᠠ ᠪᠤᠷᠬᠠᠨ ᠪᠣᠯᠬᠤ ᠪᠣᠯᠲᠤᠭᠠᠢ ᠅ᠭᠤᠷᠪᠠᠨᠲᠠ ᠤᠩᠰᠢᠮᠤᠢ᠃ 
ᠭᠤᠷᠪᠠᠨ ᠡᠷᠳᠡᠨᠢ ᠳᠡ ᠢᠲᠡᠭᠡᠮᠦ ᠪᠢ᠃ᠬᠢᠯᠢᠨᠴᠡᠰ ᠢ᠋ ᠲᠤᠰ ᠲᠤᠰ ᠨᠠᠮᠠᠨᠴᠢᠯᠠᠮᠤ᠃
ᠠᠮᠢᠲᠠᠨ ᠤ᠋ ᠪᠤᠶᠠᠨ ᠳᠠᠭᠠᠨ ᠪᠡᠶᠡᠰᠴᠦ᠃ᠪᠤᠷᠬᠠᠨ ᠪᠣᠳᠢ ᠰᠡᠳᠬᠢᠯ ᠢ᠋ᠶ᠋ᠡᠷ ᠪᠠᠷᠢᠮᠤ᠃
ᠪᠤᠷᠬᠠᠨ ᠨᠣᠮ ᠪᠠ ᠪᠤᠷᠰᠠᠩ ᠬᠤᠸᠠᠷᠠᠭ ᡂᠨ᠌᠎ᠡ᠃ᠪᠣᠳᠢ ᠬᠤᠲᠤᠭ ᠬᠦᠷᠲᠡᠯ᠎ᠡ ᠢᠲᠡᠭᠡᠮᠦ ᠪᠢ᠃
ᠥᠪᠡᠷ ᠪᠤᠰᠤᠳ ᠬᠣᠶᠠᠷ ᠲᠤᠰᠠ ᠶ᠋ᠢᠨ ᠲᠤᠯᠠᠳᠠ᠃ᠡᠷᠬᠢᠮ ᠪᠣᠳᠢ ᠰᠡᠳᠬᠢᠯ ᠡᠭᠦᠰᠬᠡᠮᠦ ᠪᠢ᠃
ᠡᠷᠬᠢᠮ ᠪᠣᠳᠢ ᠰᠡᠳᠬᠢᠯ ᠢ᠋ᠶ᠋ᠡᠨ ᠡᠭᠦᠰᠬᠡᠵᠦ ᠡᠭᠦᠰᠬᠡᠨ᠃ᠬᠠᠮᠤᠭ ᠠᠮᠢᠲᠠᠨ ᠢ᠋ ᠪᠢ ᠪᠠᠷ ᠵᠣᠴᠢᠯᠠᠵᠤ ᠠᠪᠤᠮᠤᠢ᠃
ᠡᠷᠬᠢᠮ ᠪᠣᠳᠢ ᠶᠠᠪᠤᠳᠠᠯ ᠢ᠋ ᠳᠤᠷᠠᠲᠠᠶ᠎ᠠ ᠶᠠᠪᠤᠮᠤᠢ᠃ᠠᠮᠢᠲᠠᠨ ᠤ᠋ ᠲᠤᠰᠠ ᠶ᠋ᠢᠨ ᠲᠤᠯᠠ ᠪᠤᠷᠬᠠᠨ ᠪᠣᠯᠬᠤ ᠪᠣᠯᠲᠤᠭᠠᠢ᠅ᠭᠤᠷᠪᠠᠨᠲᠠ ᠤᠩᠰᠢᠮᠤᠢ᠃ 
ᠬᠠᠮᠤᠭ ᠠᠮᠢᠲᠠᠨ ᠵᠢᠷᠭᠠᠯᠠᠩ ᠪᠠ ᠵᠢᠷᠭᠠᠯᠠᠩ ᠤ᠋ᠨ ᠰᠢᠯᠳᠠᠭᠠᠨ᠎ᠠ ᠲᠡᠭᠦᠯᠳᠡᠷ ᠪᠣᠯᠲᠤᠭᠠᠢ᠃ 
ᠬᠠᠮᠤᠭ ᠠᠮᠢᠲᠠᠨ ᠵᠣᠪᠠᠯᠠᠩ ᠪᠠ ᠵᠣᠪᠠᠯᠠᠩ ᠤ᠋ᠨ ᠰᠢᠯᠲᠠᠭᠠᠨ ᠠᠴᠠ ᠬᠠᠭᠠᠴᠠᠬᠤ ᠪᠣᠯᠲᠤᠭᠠᠢ᠃
ᠬᠠᠮᠤᠭ ᠠᠮᠢᠲᠠᠨ ᠵᠣᠪᠠᠯ ᠦᠭᠡᠢ ᠵᠢᠷᠭᠠᠯ ᠠ᠋ᠴᠠ ᠦᠯᠦ ᠬᠠᠭᠠᠴᠠᠬᠤ ᠪᠣᠯᠲᠤᠭᠠᠢ᠃
ᠬᠠᠮᠤᠭ ᠠᠮᠢᠲᠠᠨ ᠣᠢᠷ᠎ᠠ ᠬᠣᠯᠠ ᠲᠠᠴᠢᠶᠠᠬᠤ ᠣᠷᠢᠯᠠᠬᠤ ᠬᠣᠶᠠᠷ ᠠ᠋ᠴᠠ ᠬᠠᠭᠠᠴᠠᠵᠤ ᠲᠡᠭᠰᠢ ᠰᠡᠳᠬᠢᠯ ᠳ᠋ᠦ᠍ᠷ ᠠᠬᠤ ᠪᠣᠯᠲᠤᠭᠠᠢ᠅ᠭᠤᠷᠪᠠᠨᠲᠠ ᠤᠩᠰᠢᠮᠤᠢ
ᠬᠡᠨ ᠦ᠌ ᠠᠴᠢ ᠶᠡᠬᠡ ᠵᠢᠷᠭᠠᠯ ᠣᠷᠣᠨ ᠢ᠋᠃ ᠨᠢᠭᠡᠨ ᠭᠱᠠᠨ ᠳ᠋ᠤᠷ ᠪᠥᠭᠡᠳ ᠣᠯᠭᠣᠭᠤᠯᠤᠭᠴᠢ᠃
ᠴᠢᠨᠳᠠᠮᠠᠨᠢ ᠮᠡᠲᠦ ᠯᠠᠮ᠎ᠠ ᠡᠷᠳᠡᠨᠢ ᠶ᠋ᠢᠨ᠃ ᠸᠴᠢᠷ ᠬᠥᠯ ᠦ᠋ᠨ ᠯᠢᠩᠬᠤ᠎ᠠ ᠳᠠ ᠮᠥᠷᠭᠥᠮᠦ ᠅
ᠡᠷᠬᠢᠮ ᠳᠦᠷᠰᠦ ᠡᠷᠬᠢᠮ ᠶᠡᠬᠡ ᠬᠢᠯᠢᠩᠲᠦ᠃ ᠳᠡᠭᠡᠳᠦ ᠳᠡ ᠪᠠᠭᠠᠲᠤᠷ ᠤ᠋ᠨ ᠸᠢᠱᠠᠢ ᠳ᠋ᠤ᠌᠃
ᠦᠷᠢᠭᠦᠰ ᠢ᠋ ᠨᠣᠮᠣᠬᠠᠳᠬᠠᠬᠤ ᠶ᠋ᠢᠨ ᠲᠤᠰᠠᠲᠤ᠃ ᠸᠴᠢᠷ ᠠᠶᠤᠭᠤᠯᠤᠭᠴᠢ ᠳᠠ ᠮᠥᠷᠭᠥᠮᠦ ᠅
ᠵᠠᠯᠠᠭᠤᠰ ᠤ᠋ᠨ ᠬᠤᠪᠢ ᠶᠣᠰᠣᠨ ᠪᠠᠷᠢᠭᠴᠢ᠃ ᠭᠡᠭᠡᠨ ᠪᠢᠯᠢᠭ ᠵᠤᠯᠠᠰ ᠢ᠋ᠶ᠋ᠠᠷ ᠴᠢᠮᠡᠭᠰᠡᠨ᠃
ᠭᠤᠷᠪᠠᠨ ᠯᠤᠺᠠ ᠶᠢᠨ ᠬᠠᠷᠠᠩᠭᠤᠢ ᠶ᠋ᠢ ᠳᠠᠷᠤᠭᠴᠢ᠃ ᠮᠠᠨᠽᠤᠰᠢᠷᠢ ᠢᠲᠡᠭᠡᠯ ᠳ᠋ᠦ᠍ᠷ ᠮᠥᠷᠭᠥᠮᠦ ᠅
ᠮᠠᠰᠢ ᠬᠡᠳᠦ ᠣᠷᠣᠨ ᠳ᠋ᠠᠬᠢ ᠪᠤᠲᠠ ᠡᠳ᠋᠃ ᠴᠣᠭᠲᠤ ᠮᠥᠩᠬᠡ ᠵᠢᠷᠭᠠᠯ ᠦᠭᠬᠦᠢ ᠲᠠᠬᠢᠯ ᠢ᠋᠃
ᠰᠦᠰᠦᠯᠬᠦᠢ ᠪᠡᠷ ᠦᠷᠭᠦᠯᠵᠢᠳᠡ ᠡᠷᠭᠦᠮᠦ᠃ ᠯᠠᠮᠠ ᠢᠳᠠᠮ ᠡᠨᠡᠷᠢᠵᠦ ᠠᠪᠲᠤᠭᠠᠢ ᠅
ᠴᠠᠭᠯᠠᠰᠢ ᠦᠭᠡᠢ ᠵᠣᠪᠠᠯᠠᠩ ᠤ᠋ᠳ ᠪᠣᠯᠤᠭᠴᠢ᠃ᠪᠡᠶ᠎ᠡ ᠬᠡᠯᠡ ᠰᠡᠳᠬᠢᠯ ᠳ᠋ᠡᠬᠢ ᠨᠢᠭᠦᠯ ᠢ᠋᠃
ᠰᠠᠨᠠᠯ ᠰᠢᠢᠳᠴᠦ ᠲᠠᠨ ᠳ᠋ᠤᠷ ᠨᠠᠮᠠᠨᠴᠢᠯᠠᠮᠤ᠃ᠪᠦᠷᠢ ᠲᠦᠷᠭᠡᠨ ᠠᠷᠢᠯᠬᠤᠶ᠎ᠠ ᠪᠣᠯᠲᠤᠭᠠᠢ ᠅
ᠪᠦᠬᠦ ᠲᠤᠰᠠ ᠵᠢᠷᠭᠠᠯᠠᠩ ᠤ᠋ᠨ ᠰᠢᠯᠲᠠᠭᠠᠨ᠃ᠪᠤᠶᠠᠨ ᠬᠢᠭᠡᠳ ᠪᠡᠯᠭᠡ ᠪᠢᠯᠢᠭ ᠬᠣᠶᠠᠷ ᠤ᠋ᠨ᠃
ᠴᠢᠭᠤᠯᠭᠠᠨ ᠢ᠋ ᠬᠡᠨ ᠊ᠢ᠎ᠠ ᠬᠤᠷᠢᠶᠠᠪᠠᠰᠤ᠃ᠲᠡᠭᠦᠨ᠎ᠡ ᠪᠢ ᠪᠠᠶᠠᠰᠤᠯᠴᠠᠨ ᠳᠠᠭᠠᠮᠤᠢ ᠅
ᠢᠲᠡᠭᠡᠯ ᠴᠢ ᠣᠭᠲᠠᠷᠭᠤᠢ ᠶ᠋ᠢ ᠠᠲᠠᠯ᠎ᠠ᠃ᠨᠢᠷᠸᠠᠨ ᠳ᠋ᠤᠷ ᠦᠯᠦ ᠨᠥᠭᠴᠢᠨ ᠪᠠᠲᠤᠳᠴᠤ᠃
ᠬᠠᠷᠠᠩᠭᠤᠢ ᠳ᠋ᠤᠷ ᠤᠨᠠᠨ ᠮᠣᠩᠬᠠᠷᠠᠭᠰᠠᠤᠨ᠌᠎ᠡ᠃ᠨᠣᠮ ᠤ᠋ᠨ ᠬᠦᠷᠳᠦ ᠡᠷᠭᠢᠭᠦᠯᠦᠨ ᠰᠣᠶᠣᠷᠬ᠎ᠠ ᠅
ᠮᠢᠨᠦ ᠦᠢᠯᠡᠳᠦᠭᠰᠡᠨ ᠬᠢᠭᠡᠳ ᠦᠢᠯᠡᠳᠬᠦᠢ᠃ᠪᠤᠶᠠᠨ ᠴᠣᠭᠴᠠ ᠬᠡᠳᠦᠢ ᠠᠭᠰᠠᠨ ᠪᠥᠭᠡᠰᠦ᠃
ᠲᠡᠳᠡᠭᠡᠷ ᠢ᠋ ᠠᠮᠢᠲᠠᠨ ᠤ᠋ ᠲᠤᠰᠠᠳᠠ᠃ᠪᠣᠳᠢ ᠶ᠋ᠢᠨ ᠲᠤᠢᠯ ᠳ᠋ᠤᠷ ᠣᠭᠣᠭᠠᠲᠠ ᠵᠣᠷᠢᠮᠤ ᠅
ᠳᠡᠯᠡᠬᠡᠢ ᠳ᠋ᠦ᠍ᠷ ᠬᠦᠵᠢ ᠰᠦᠷᠴᠢᠨ ᠴᠡᠴᠡᠭ ᠤ᠋ᠳ ᠢ᠋ ᠳᠡᠯᠭᠡᠵᠦ᠃ 
ᠰᠦᠮᠪᠦᠷ ᠳᠥᠷᠪᠡᠨ ᠲᠢᠪ ᠢ᠋ ᠨᠠᠷᠠᠨ ᠰᠠᠷᠠᠨ ᠢ᠋ᠶ᠋ᠠᠷ ᠴᠢᠮᠡᠵᠦ᠃
ᠪᠤᠷᠬᠠᠨ ᠪᠦᠬᠦᠢ ᠣᠷᠣᠨ ᠭᠡᠮᠡᠨ ᠵᠣᠷᠢᠬᠤᠢ ᠪᠠᠷ ᠡᠷᠭᠦᠮᠦ᠃ 
ᠠᠮᠢᠲᠠᠨ ᠢ᠋ᠶ᠋ᠠᠷ ᠠᠷᠢᠯᠤᠭᠰᠠᠨ ᠣᠷᠣᠨ ᠣᠯᠬᠤ ᠪᠣᠯᠲᠤᠭᠠᠢ᠅
ᠢᠳᠠᠮ ᠬᠦᠷᠦ ᠷᠠᠤᠡᠨ᠎ᠠ ᠮᠠᠨᠷᠠᠯᠠ ᠺᠠᠮ ᠨᠢᠷᠶᠠ ᠳ᠋ᠠᠶᠠᠮᠢ ᠅᠃᠅
    ᠢᠲᠡᠭᠡᠯ  ᠤᠨ ᠴᠢᠭᠤᠯᠭᠠᠨ      



ᠰᠤᠳᠤᠷ ᠤ᠋ᠨ ᠦᠰᠦᠭ ᠢ᠋ ᠳᠡᠭᠰᠢᠮᠥ᠋ᠩᠬᠡ ᠠᠮᠢᠯᠠᠭᠤᠯᠪᠠ᠃
       ᠬᠢᠨᠠᠯᠲᠠ ᠬᠢᠭᠰᠡᠨ ᠨᠢ《ᠬᠡᠢᠮᠣᠷᠢ》 ᠰᠦᠯᠵᠢᠶ᠎ᠡ ᠶ᠋ᠢᠨ《ᠱᠠᠰᠢᠨ ᠰᠢᠲᠦᠯᠭᠡ》 ᠬᠣᠯᠪᠣᠭ᠎ᠠ᠃