ᠰᠢᠷᠡᠮᠦ ᠴᠢᠷᠠᠢᠲᠤ ᠶ᠋ᠢᠨ ᠬᠢᠴᠢᠶᠡᠯШирэм царайтын хичээл ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷᠡᠮᠦ ᠴᠢᠷᠠᠢᠲᠤ ᠶ᠋ᠢᠨ ᠬᠢᠴᠢᠶᠡᠯШирэм царайтын хичээл

ᠰᠢᠷᠡᠮᠦ ᠴᠢᠷᠠᠢᠲᠤ ᠶ᠋ᠢᠨ ᠬᠢᠴᠢᠶᠡᠯШирэм царайтын хичээл

2025-04-05

497

 ᠨᠢᠭᠡ ᠮᠢᠨᠦ ᠪᠣᠲᠣᠭᠣ ᠳᠣᠷᠣᠮᠤᠨ ᠨᠠᠰᠤᠨ ᠳ᠋ᠤ᠌ ᠶᠠᠭᠤᠨᠠᠢ ᠺᠣᠮᠫᠢᠦ᠋ᠲ᠋ᠧᠷ᠂ ᠢᠨᠲ᠋ᠧᠷᠨᠧᠲ᠂ ᠲᠧᠯᠸᠢᠰ᠂ DVD ᠭᠡᠵᠦ ᠪᠠᠢᠬᠤ ᠪᠣᠢ? ᠠᠮᠢᠳᠤᠷᠠᠯ ᠢ᠋ ᠠᠮᠢᠳᠤᠷᠠᠯ ᠰᠢᠭ᠋ ᠢ᠋ᠶ᠋ᠡᠷ ᠨᠢ᠂ ᠬᠥᠮᠦᠨ ᠢ᠋ ᠬᠥᠮᠦᠨ ᠰᠢᠭ ᠢ᠋ᠶ᠋ᠡᠷ ᠨᠢ ᠪᠢᠴᠢᠭᠰᠡᠨ ᠤᠷᠠᠨ ᠵᠣᠬᠢᠶᠠᠯ ᠴᠤ᠌ ᠳᠡᠮᠡᠢ ᠣᠯᠠᠨ ᠢ᠋ ᠣᠯᠵᠤ ᠤᠩᠰᠢᠬᠤ ᠦᠭᠡᠢ ᠰᠢᠦ ᠳᠡ᠃  ᠪᠠᠭ᠎ᠠ ᠰᠤᠷᠭᠠᠭᠤᠯᠢ ᠶ᠋ᠢᠨ ᠬᠢᠴᠢᠶᠡᠯ ᠦ᠋ᠨ ᠪᠢᠴᠢᠭ ᠡᠴᠡ ᠡᠬᠢᠯᠡᠭᠡᠳ ᠬᠡᠦᠬᠡᠳ ᠦ᠋ᠨ ᠤᠩᠰᠢᠬᠤ ᠵᠢᠷᠤᠭᠲᠤ ᠳᠡᠪᠲᠡᠷ᠂ ᠵᠢᠯ ᠳ᠋ᠡᠭᠡᠨ ᠨᠢᠭᠡ ᠯᠡ ᠣᠯᠵᠤ ᠦᠵᠡᠬᠦ ᠺᠢᠨᠣ᠋ ᠮᠢᠨᠢ ᠪᠦᠷ ᠯᠡ 《ᠮᠠᠭᠤ ᠳᠠᠢᠰᠤᠨ 》 ᠪᠠ 《ᠮᠠᠨ ᠤ᠋ ᠴᠡᠷᠢᠭ 》 ᠦ᠋ᠨ ᠬᠣᠭᠣᠷᠣᠨᠳᠣᠬᠢ ᠪᠠᠢᠯᠳᠤᠭᠠᠨ ᠤ᠋ ᠦᠯᠢᠭᠡᠷ ᠪᠠᠢᠯ᠎ᠠ᠃  ᠬᠠ ᠠ᠋᠂ ᠬᠥᠮᠦᠨ ᠦ᠌ ᠦᠨᠦᠷ ᠦᠭᠡᠢ 《ᠮᠠᠭᠤ ᠳᠠᠢᠰᠤᠨ 》 ᠣᠨᠴᠠᠭᠠᠢᠯᠠᠨ ᠲᠡᠷᠡ ᠮᠠᠭᠤ ᠶᠠᠪᠤᠨ ᠵᠣᠯᠢᠭ ᠤ᠋ᠨ ᠬᠢᠨᠢ ᠬᠠᠷᠭᠢᠰ ᠵᠠᠯᠢᠬᠠᠢ ᠭᠡᠵᠢ ᠠ᠋᠃  ᠫᠠᠭᠳᠠᠢᠴᠢᠬᠠᠭᠠᠳ᠂ ᠵᠢᠰᠦ ᠴᠢᠷᠠᠢ᠂ ᠨᠢᠳᠦᠨ ᠬᠠᠷᠠᠴᠠ ᠨᠢ ᠬᠦᠷᠲᠡᠯ᠎ᠡ ᠵᠢᠭᠡᠭᠦᠦ ᠲᠡᠢ ᠪᠤᠵᠠᠷ ᠶᠤᠮ ᠪᠢᠯᠡ᠃  
ᠠᠢ ᠬᠥᠭᠡᠷᠦᠬᠦᠢ᠂ ᠤᠷᠭᠤᠵᠤ ᠥᠰᠬᠦ ᠨᠠᠰᠤᠨ ᠤ᠋ ᠬᠡᠦᠬᠡᠳ ᠦ᠋ᠨ ᠣᠶᠤᠨ ᠰᠠᠨᠠᠭ᠎ᠠ ᠭᠡᠵᠦ ᠰᠢᠨᠡᠬᠡᠨ ᠴᠠᠰᠤ ᠰᠢᠭ᠋ ᠯᠡ ᠴᠡᠪᠡᠷ ᠴᠠᠢᠯᠭᠠᠨ ᠪᠠᠢᠭᠰᠠᠨ ᠪᠢᠵᠡ ᠳᠡ᠃  ᠮᠢᠨᠦ ᠴᠡᠭᠡᠵᠢᠯᠡᠳᠡᠭ ᠬᠢᠴᠢᠶᠡᠯ ᠦ᠋ᠨ ᠪᠢᠴᠢᠭ᠂ ᠤᠩᠰᠢᠳᠠᠭ ᠵᠢᠷᠤᠭᠲᠤ ᠳᠡᠪᠲᠡᠷ᠂ ᠦᠵᠡᠳᠡᠭ ᠺᠢᠨᠣ᠋ ᠨᠤᠭᠤᠳ ᠲᠤ᠌ ᠲᠠᠩᠳᠠ ᠭᠠᠷᠳᠠᠭ ᠥᠨᠥ ᠮᠠᠭᠤᠰᠠᠢᠨ ᠶᠠᠪᠤᠨ ᠵᠣᠯᠢᠭ ᠤ᠋ᠳ ᠴᠢᠨᠢ ᠵᠢᠬᠡᠭᠦᠨ ᠳᠦᠷᠢ᠂ ᠵᠢᠰᠤᠷ ᠪᠠᠰᠢᠷ ᠬᠠᠷᠭᠢᠰ ᠰᠠᠨᠠᠭ᠎ᠠ ᠲᠠᠢ ᠪᠠᠨ ᠲᠡᠷᠡᠬᠦ ᠣᠩᠭᠣᠨ ᠴᠡᠪᠡᠷ ᠴᠠᠰᠤᠨ ᠳᠡᠭᠡᠭᠦᠷ ᠵᠢᠭᠰᠢᠭᠦᠷᠲᠦ ᠮᠥᠷ ᠢ᠋ᠶ᠋ᠡᠨ ᠦᠯᠡᠳᠡᠭᠡᠭᠰᠡᠨ ᠶᠤᠮ ᠪᠠᠢᠨ᠎ᠠ ᠰᠢᠦ᠃  ᠪᠠᠷ᠎ᠠ ᠬᠥᠷᠥᠪᠡᠵᠢᠵᠦ᠂ ᠤᠬᠠᠭᠠᠨ ᠲᠣᠭᠳᠠᠪᠥᠷᠢᠵᠡᠵᠤ᠂ ᠵᠠᠩ ᠪᠠᠢᠷᠢᠰᠢᠭᠰᠠᠨ ᠴᠤ᠌ ᠶᠠᠫᠣᠨ ᠬᠥᠮᠦᠨ ᠶᠡᠷᠦᠨᠢ ᠬᠥᠮᠦᠨ ᠦ᠌ ᠮᠠᠶᠢᠭ ᠲᠠᠢ ᠡᠭᠡᠯᠢᠲᠡᠢ ᠰᠠᠨᠠᠭᠳᠠᠬᠤ ᠦᠭᠡᠢ ᠪᠠᠢᠯ᠎ᠠ ᠨᠠᠳᠠ᠃  ᠰᠡᠭᠦᠯ ᠦ᠋ᠨ ᠵᠢᠯ ᠦ᠋ᠳ ᠲᠦ᠍ ᠠᠩᠭᠢ ᠶ᠋ᠢᠨ ᠲᠡᠮᠡᠴᠡᠯ ᠦ᠋ᠨ ᠬᠡᠩᠭᠡᠷᠭᠡ ᠪᠦᠷᠢᠶ᠎ᠡ ᠬᠣᠯᠠᠳᠠᠵᠤ᠂ ᠳᠡᠯᠡᠬᠡᠢ ᠶ᠋ᠢᠨ ᠰᠣᠶᠣᠯ ᠪᠣᠯᠪᠠᠰᠤᠨ ᠪᠠ ᠰᠤᠷᠠᠭ ᠵᠠᠩᠭᠢ ᠳᠤᠮᠳᠠᠳᠤ ᠤᠯᠤᠰ ᠲᠤ᠌ ᠤᠯᠠᠮ ᠤᠯᠠᠮ ᠢ᠋ᠶ᠋ᠠᠷ ᠨᠡᠪᠲᠡᠷᠡᠬᠦ ᠲᠣᠰᠤᠮ ᠬᠥᠮᠦᠰ ᠲᠡᠢᠨ ᠳᠠᠢᠰᠤᠨ᠂ ᠬᠥᠮᠦᠨ ᠨᠡᠢᠭᠡᠮ ᠦ᠋ᠨ ᠲᠤᠬᠠᠢ ᠵᠥᠪ ᠣᠢᠯᠠᠭᠠᠯᠲᠠ ᠲᠠᠢ ᠪᠣᠯᠵᠤ᠂ ᠥᠰᠢᠶ᠎ᠡ ᠬᠣᠷᠣᠰᠤᠯ ᠤ᠋ᠨ ᠭᠠᠯ ᠴᠣᠷᠭᠢᠳᠠᠭ ᠨᠢᠳᠦᠨ ᠦ᠌  ᠪᠡᠨ ᠬᠠᠷᠠᠬᠤ ᠲᠠᠨᠢᠬᠤ ᠳ᠋ᠤ᠌ ᠵᠣᠷᠢᠭᠤᠯᠤᠯᠲᠠ ᠲᠠᠢ ᠭᠡᠳᠡᠭ ᠢ᠋ ᠮᠡᠳᠡᠷᠡᠨ ᠤᠬᠠᠭᠠᠷᠠᠵᠤ ᠢᠷᠡᠯ᠎ᠡ᠃  ᠭᠡᠪᠡᠴᠦ ᠮᠢᠨᠦ ᠤᠬᠠᠭᠠᠷᠠᠯ ᠨᠡᠢᠲᠡ ᠠᠷᠠᠳ ᠤ᠋ᠨ ᠤᠬᠠᠭᠠᠷᠠᠯ ᠤ᠋ᠨ ᠬᠤᠷᠳᠤᠴᠠ ᠶ᠋ᠢ ᠳᠠᠭᠠᠵᠤ ᠳᠡᠢᠯᠦᠭᠡ ᠦᠭᠡᠢ ᠪᠣᠯᠤᠯᠲᠠᠢ᠂ ᠶᠠᠫᠣᠨᠴᠤᠳ ᠢ᠋  《ᠮᠠᠭᠤ ᠳᠠᠢᠰᠤᠨ 》 ᠭᠡᠵᠦ ᠵᠠᠨᠤᠬᠤ ᠦᠭᠡᠢ ᠴᠦ᠍ ᠲᠡᠳᠡᠨ ᠢ᠋ ᠳᠣᠲᠣᠨᠣ ᠠᠨᠳᠠ ᠪᠠᠨ ᠭᠡᠵᠦ ᠰᠠᠨᠠᠬᠤ ᠶ᠋ᠢ ᠪᠤᠤ ᠬᠡᠯᠡ ᠨᠠᠭᠠᠳᠤ ᠵᠠᠬ᠎ᠠ ᠨᠢ ᠨᠠᠳᠠ ᠰᠢᠭ᠋ ᠯᠡ ᠠᠮᠢᠳᠤᠷᠠᠯ ᠳ᠋ᠤ᠌ ᠪᠦᠲᠦᠭᠡᠭᠳᠡᠵᠦ᠂ ᠠᠮᠢᠳᠤᠷᠠᠯ ᠪᠦᠲᠦᠭᠡᠵᠦ᠂ ᠠᠮᠢᠳᠤᠷᠠᠯ ᠳ᠋ᠤ᠌ ᠡᠯᠡᠵᠦ᠂ ᠠᠮᠢᠳᠤᠷᠠᠯ ᠳ᠋ᠤ᠌ ᠳᠤᠷᠠᠰᠤᠭᠳᠠᠵᠤ ᠶᠠᠪᠤᠬᠤ ᠤᠯᠠᠭᠠᠨ ᠲᠣᠭᠣᠰᠣᠲᠤ ᠶ᠋ᠢᠨ ᠡᠭᠡᠯ ᠬᠥᠮᠦᠰ ᠰᠢᠦ ᠳᠡ ᠭᠡᠵᠦ ᠴᠦ᠍ ᠪᠣᠳᠣᠭ᠎ᠠ ᠦᠭᠡᠢ ᠯᠡ ᠥᠨᠥ ᠬᠦᠷᠦᠭᠰᠡᠨ ᠰᠠᠨ᠃
 2010 ᠣᠨ ᠤ᠋ 6 ᠰᠠᠷ᠎ᠠ ᠶ᠋ᠢᠨ ᠰᠡᠭᠦᠯᠴᠢ ᠪᠡᠷ ᠪᠢ ᠬᠣᠰᠢᠭᠤ ᠨᠤᠲᠤᠭ ᠤ᠋ᠨ ᠢ᠋ᠶ᠋ᠠᠨ ᠬᠡᠳᠦᠨ ᠪᠠᠭᠰᠠᠢ ᠨᠠᠷ ᠲᠠᠢ ᠬᠠᠮᠲᠤ ᠵᠡᠭᠦᠨ ᠪᠡᠶ᠎ᠡ ᠶ᠋ᠢᠨ ᠠᠢᠮᠠᠭ ᠬᠣᠰᠢᠭᠤᠳ ᠢ᠋ᠶ᠋ᠠᠷ ᠰᠤᠷᠤᠯᠴᠠᠬᠤ ᠪᠠᠷ ᠶᠠᠪᠤᠬᠤ  ᠳ᠋ᠠᠭᠠᠨ ᠭᠠᠰᠢᠭᠤᠨ ᠳᠤᠷᠠᠰᠤᠮᠵᠢ ᠶ᠋ᠢᠨ ᠡᠭᠡᠷᠡᠮ᠎ᠡ ᠲᠠᠯ᠎ᠠ ᠶ᠋ᠢ ᠲᠤᠭᠤᠯᠤᠭᠰᠠᠨ ᠳᠠ᠃  ᠪᠢᠳᠡ ᠡᠨᠡ ᠡᠳᠦᠷ ᠦ᠋ᠨ ᠪᠦᠭᠴᠢᠮ ᠬᠠᠯᠠᠭᠤᠨ ᠢ᠋ ᠶᠠᠭᠠᠬᠢᠵᠤ ᠵᠦᠢᠷᠯᠡᠬᠦ ᠪᠡᠨ ᠣᠯᠵᠤ ᠶᠠᠳᠠᠨ᠎ᠠ᠃  ᠬᠠᠷᠠᠭ᠎ᠠ ᠠᠯᠳᠠᠮ᠎ᠠ ᠡᠨᠡ ᠲᠠᠯ᠎ᠠ ᠶᠡᠷᠦ ᠶ᠋ᠢᠨ ᠵᠢᠯ ᠦ᠋ᠨ ᠵᠢᠷᠭᠤᠭᠠᠨ ᠰᠠᠷ᠎ᠠ ᠳ᠋ᠤ᠌ ᠪᠣᠯ ᠵᠠᠯᠠᠭᠤ ᠨᠣᠭᠣᠭᠠᠨ ᠤ᠋ ᠪᠤᠯᠪᠠᠷᠠᠢᠬᠠᠨ ᠥᠩᠭᠡ ᠪᠡᠷ ᠨᠣᠮᠢᠷᠠᠵᠤ ᠯᠠ ᠪᠠᠢᠬᠤ ᠶᠣᠰᠣᠲᠠᠢ ᠰᠠᠨ᠃  ᠬᠠᠷᠢᠨ ᠥᠨᠥᠳᠥᠷ ᠪᠣᠯ ᠬᠤᠷ᠎ᠠ ᠡᠷᠲᠡ ᠬᠠᠪᠤᠷ ᠤ᠋ᠨ ᠡᠪᠡᠰᠦ ᠨᠢ ᠬᠢᠷᠠᠭᠤ ᠡᠷᠲᠡ ᠨᠠᠮᠤᠷ ᠤ᠋ᠨ ᠬᠢ ᠰᠢᠭ ᠰᠢᠷᠠᠯᠠᠭᠠᠳ᠂ ᠥᠩ ᠡᠪᠦᠯ ᠦ᠋ᠨ ᠬᠤᠷ ᠠᠷᠭᠠᠯ ᠤᠩᠭᠠᠰᠬᠤ ᠠᠯᠲᠠᠨ ᠴᠠᠢᠷᠠᠨ᠎ᠠ᠃  《ᠵᠠᠭᠤᠨ ᠵᠠᠭᠤᠨ ᠤ᠋ ᠲᠤᠷᠰᠢ ᠨᠡᠭᠦᠳᠡᠯᠴᠢᠨ ᠮᠠᠯᠴᠢᠨ ᠢ᠋ ᠪᠦᠪᠡᠢᠯᠡᠵᠦ ᠥᠭᠭᠢᠶᠡᠮᠦᠷ ᠬᠡᠰᠢᠭ ᠢ᠋ᠶ᠋ᠡᠨ ᠬᠠᠢᠷᠠᠯᠠᠭᠰᠠᠨ ᠡᠨᠡ ᠨᠡᠯᠦᠭᠡᠷ ᠲᠠᠯ᠎ᠠ ᠶᠡᠷᠦ ᠡᠴᠡ ᠡᠢᠮᠦ ᠰᠢᠲᠠᠭᠠᠮ᠎ᠠ ᠬᠠᠯᠠᠭᠤᠨ ᠢ᠋ ᠦᠵᠡᠭᠡ ᠦᠭᠡᠢ ᠯᠡ ᠪᠠᠢᠬ᠎ᠠ ᠳᠠ᠂ ᠬᠠᠶᠠ ᠨᠢᠭᠡ ᠡᠨᠡ ᠬᠠᠯᠠᠭᠤᠨ ᠢ᠋ ᠲᠤᠭᠤᠯᠵᠤ ᠥᠩᠭᠡᠷᠡᠭᠰᠡᠨ ᠶᠤᠮ ᠪᠣᠯ ᠥᠨᠥ ᠪᠣᠯᠲᠠᠯ᠎ᠠ ᠡᠢᠮᠦ ᠥᠩ ᠲᠠᠩᠰᠤᠭ ᠦᠵᠡᠰᠬᠦᠯᠡᠩ ᠭᠣᠶᠣ ᠪᠠᠷ ᠢ᠋ᠶ᠋ᠠᠨ ᠪᠠᠢᠵᠤ ᠴᠢᠳᠠᠨ᠎ᠠ ᠶ᠋ᠢᠨ ᠳᠡ 》 ᠭᠡᠵᠦ ᠶᠡᠬᠡ ᠯᠡ ᠶᠠᠭᠤᠮ᠎ᠠ ᠮᠡᠳᠡᠭᠰᠡᠨ ᠬᠥᠮᠦᠨ ᠪᠣᠯᠵᠤ ᠳᠣᠲᠣᠷ᠎ᠠ ᠪᠠᠨ ᠰᠡᠴᠡᠷᠬᠡᠵᠦ ᠶᠠᠪᠤᠭᠰᠠᠨ ᠶᠤᠮ ᠠ᠋ ᠪᠢ᠃  ᠡᠭᠡᠷᠡᠮ᠎ᠡ ᠬᠡᠭᠡᠷ᠎ᠡ ᠶ᠋ᠢᠨ ᠵᠢᠵᠢᠭᠬᠡᠨ ᠬᠣᠩᠬᠣᠷ ᠲᠤ᠌ ᠬᠠᠭᠠᠰ ᠨᠢ ᠪᠤᠯᠠᠭᠳᠠᠭᠰᠠᠨ ᠲᠣᠭᠣᠨᠣᠨ ᠴᠢᠨᠡᠭᠡᠨ ᠬᠠᠪᠲᠠᠭᠠᠢ ᠲᠡᠮᠦᠷ ᠢᠳᠡ ᠮᠡᠳᠡᠨ ᠰᠢᠷᠠᠭᠰᠠᠨ ᠨᠠᠷᠠᠨ ᠤ᠋ ᠳᠣᠣᠷ᠎ᠠ ᠬᠠᠷ᠎ᠠ ᠬᠦᠷᠡᠩ ᠴᠢᠷᠠᠢ ᠪᠠᠨ ᠪᠠᠷᠤᠢᠯᠭᠠᠵᠤ 《ᠴᠢ ᠶᠠᠭᠠᠬᠢᠵᠤ ᠮᠡᠳᠡᠬᠦ ᠪᠣᠢ ? ᠡᠨᠡ ᠲᠠᠯ᠎ᠠ ᠪᠦᠬᠦᠯᠢ ᠪᠡᠷ ᠢ᠋ᠶ᠋ᠡᠨ ᠰᠢᠲᠠᠴᠢᠬᠠᠬᠤ ᠠᠯᠳᠠᠭᠰᠠᠨ ᠢ᠋᠃  ᠬᠥᠮᠦᠨ ᠲᠠᠨ ᠤ᠋ ᠲᠥᠷᠥᠯ ᠰᠠᠲᠤ ᠤᠷᠤᠭ ᠡᠯᠢᠭᠡᠨ ᠴᠢᠨᠢ ᠪᠠᠷᠢᠭᠰᠠᠨ ᠲᠡᠮᠦᠷ  ᠲᠡᠢ ᠪᠡᠨ ᠦᠨᠡᠰᠦ ᠪᠣᠯᠵᠤ ᠪᠠᠢᠭᠰᠠᠨ ᠶᠤᠮ ᠰᠢᠦ᠂ ᠡᠨᠳᠡ 》 ᠭᠡᠬᠦ ᠰᠢᠭ ᠪᠠᠢᠯ᠎ᠠ᠃  ᠪᠢ ᠲᠡᠷᠭᠡᠨ ᠡᠴᠡ ᠪᠡᠨ ᠪᠠᠭᠤᠮᠠᠭᠴᠠ ᠲᠠᠨᠢᠴᠢᠬᠠᠯ᠎ᠠ᠃
 ᠬᠣᠶᠠᠷ 
ᠮᠠᠼᠢᠮᠤᠲ᠋ᠣ᠋ ᠰᠣᠣᠾᠧ ! 1938 ᠣᠨ ᠳ᠋ᠤ᠌ ᠲᠡᠷᠡ ᠴᠡᠷᠢᠭ ᠦ᠋ᠨ ᠡᠮᠴᠢ ᠪᠣᠯᠤᠯ᠎ᠠ᠃  ᠡᠬᠡ ᠣᠷᠣᠨ ᠤ᠋ ᠣᠷᠢᠶᠠᠯᠭ᠎ᠠ᠂ ᠡᠷ᠎ᠡ ᠬᠥᠮᠦᠨ ᠦ᠌ ᠠᠯᠪᠠᠨ ᠵᠢᠷᠤᠮ ᠶᠤᠮᠰᠠᠨ᠂ ᠲᠠᠲᠠᠭᠠᠯᠵᠠᠬᠤ ᠤᠴᠢᠷ ᠶᠡᠷᠦ ᠡᠴᠡ ᠦᠭᠡᠢ ᠳᠡ᠃  1939 ᠣᠨ ᠤ᠋ ᠨᠢᠭᠡ ᠡᠳᠦᠷ ᠲᠡᠷᠡ ᠡᠬᠡ ᠣᠷᠣᠨ ᠠ᠋ᠴᠠ ᠪᠠᠨ ᠠᠶᠠᠷᠯᠠᠵᠤ ᠲᠡᠢᠨ ᠳ᠋ᠦ᠍ ᠮᠣᠷᠳᠠᠪᠠ᠃  ᠲᠡᠭᠦᠨ ᠦ᠌ ᠡᠰᠡᠷᠭᠦᠴᠡᠨ ᠠᠯᠠᠬᠤ ᠴᠢᠬᠤᠯᠲᠠᠢ ᠳᠠᠢᠰᠤᠨ ᠨᠢ ᠥᠭᠡᠷ᠎ᠡ ᠬᠥᠮᠦᠨ ᠪᠢᠰᠢ᠂ ᠬᠠᠷᠢᠨ ᠵᠥᠪᠯᠡᠯᠲᠦ ᠮᠣᠩᠭᠣᠯ ᠤ᠋ᠨ ᠴᠡᠷᠢᠭ ᠡᠷᠡᠰ ᠪᠠᠢᠭᠰᠠᠨ ᠶᠤᠮ᠃  ᠠᠯᠠᠬᠤ ᠪᠠ ᠠᠯᠠᠭᠳᠠᠬᠤ ᠶᠠᠪᠤᠴᠠ ᠶ᠋ᠢ ᠲᠡᠷᠡ ᠴᠣᠬᠣᠮ ᠨᠠᠷᠢᠨ ᠲᠣᠳᠣᠷᠬᠠᠢ ᠦᠵᠡᠭᠰᠡᠨ ᠬᠥᠮᠦᠨ ᠳᠡ᠃  ᠲᠡᠦᠬᠡ ᠶ᠋ᠢᠨ ᠨᠢᠭᠡ ᠬᠤᠭᠤᠴᠠᠭᠠᠨ ᠳ᠋ᠠᠭᠠᠨ ᠦᠬᠦᠯ ᠦ᠋ᠨ ᠠᠶᠤᠯ ᠠ᠋ᠴᠠ ᠣᠨᠳᠣᠣ ᠶᠠᠭᠤ ᠴᠤ᠌ ᠦᠭᠡᠢ ᠪᠣᠯᠤᠭᠰᠠᠨ ᠨᠣᠮᠣᠨ ᠬᠠᠨ ᠪᠦᠷᠢᠳᠦ ᠶ᠋ᠢᠨ ᠡᠨᠡᠬᠦ ᠡᠭᠡᠷᠡᠮ᠎ᠡ ᠲᠠᠯ᠎ᠠ ᠳ᠋ᠤ᠌ ᠲᠡᠭᠦᠨ ᠦ᠌ ᠲᠦᠮᠡ ᠭᠠᠷᠤᠢ ᠠᠨᠳᠠ ᠨᠢ ᠶᠠᠫᠣᠨ ᠤᠭᠰᠠᠭᠠᠨ ᠤ᠋ ᠤᠯᠠᠭᠠᠨ ᠴᠢᠰᠤ ᠪᠠ ᠠᠮᠢᠳᠤᠷᠠᠵᠤ ᠪᠦᠲᠦᠭᠡᠬᠦ ᠶ᠋ᠢᠨ ᠢᠷᠠᠭᠤ ᠬᠦᠰᠡᠯᠲᠦ ᠤᠷᠢ ᠬᠣᠩᠭᠣᠷ ᠨᠠᠰᠤ ᠪᠠᠨ ᠣᠷᠬᠢᠵᠠᠢ᠃  ᠲᠡᠷᠡ ᠰᠡᠴᠡᠨ ᠰᠡᠷᠭᠦᠯᠡᠩ ᠲᠡᠭᠦᠨ ᠦ᠌ ᠠᠨᠳᠠ ᠨᠥᠬᠥᠳ ᠨᠢ ᠴᠦ᠍ ᠰᠡᠴᠡᠨ ᠰᠡᠷᠭᠦᠯᠡᠩ ᠡᠷᠡᠯᠬᠡᠭ ᠪᠠᠭᠠᠲᠤᠷᠯᠢᠭ᠃  ᠭᠡᠪᠡᠴᠦ ᠵᠥᠪᠯᠡᠯᠲᠦ ᠮᠣᠩᠭᠣᠯ ᠤ᠋ᠨ ᠤᠬᠠᠭᠠᠯᠢᠭ ᠡᠷᠡᠮᠡᠬᠡᠢ ᠬᠥᠪᠡᠭᠦᠳ ᠲᠦ᠍ ᠪᠤᠲᠠ ᠴᠣᠬᠢᠭᠳᠠᠵᠤ ᠲᠤᠢᠯᠪᠤᠷᠢᠲᠠᠢ ᠢᠯᠠᠭᠳᠠᠪᠠ᠃
 ᠲᠡᠷᠡ ᠠᠵᠠ ᠪᠠᠷ ᠠᠮᠢᠳᠤ ᠦᠯᠡᠳᠡᠵᠦ᠂ ᠡᠬᠡ ᠣᠷᠣᠨ ᠳ᠋ᠠᠭᠠᠨ ᠬᠠᠷᠢᠵᠤ ᠴᠡᠷᠢᠭ ᠬᠤᠪᠴᠠᠰᠤ  ᠪᠠᠨ ᠲᠠᠢᠯᠤᠨ ᠡᠮᠴᠢ ᠬᠤᠪᠴᠠᠰᠤ ᠪᠠᠨ ᠡᠮᠦᠰᠦᠯ᠎ᠡ᠃  ᠪᠦᠲᠦᠨ ᠨᠠᠰᠤᠨ ᠤ᠋ ᠬᠢᠨᠢ ᠡᠷᠭᠢᠴᠡᠭᠦᠯᠦᠯ ᠡᠴᠡ ᠦᠯᠦ ᠬᠣᠯᠠᠳᠠᠬᠤ ᠨᠢ ᠠᠯᠠᠭᠰᠠᠨ ᠳᠠᠢᠰᠤᠨ ᠨᠢ ᠪᠣᠯᠤᠨ ᠠᠯᠠᠭᠳᠠᠭᠰᠠᠨ ᠠᠨᠳᠠᠨ ᠨᠠᠷ ᠨᠢ ? ᠲᠡᠷᠡ ᠮᠢᠨᠢ ᠬᠥᠮᠦᠨ ᠠᠯᠠᠬᠤ ᠪᠠ ᠬᠥᠮᠦᠨ ᠠᠪᠤᠷᠠᠬᠤ ᠲᠤᠰᠢᠶᠠᠯ ᠢ᠋ ᠰᠢᠳᠤᠷᠭᠤ  ᠪᠠᠷ ᠭᠦᠢᠴᠡᠳᠬᠡᠵᠦ᠂ ᠳᠠᠢᠰᠤᠨ ᠠᠨᠳᠠ ᠬᠣᠶᠠᠷ ᠤ᠋ᠨ ᠢ᠋ᠶ᠋ᠠᠨ ᠬᠠᠯᠠᠭᠤᠨ ᠴᠢᠰᠤ ᠪᠠᠷ ᠪᠢᠯᠳᠠᠵᠤ ᠥᠩᠭᠡᠷᠡᠭᠰᠡᠨ ᠭᠠᠷ ᠲᠠᠭᠠᠨ ᠪᠢᠷ ᠠᠳᠬᠤᠵᠤ 《ᠨᠣᠮᠣᠨ ᠬᠠᠨ ᠤ᠋ ᠡᠭᠡᠷᠡᠮ᠎ᠡ ᠲᠠᠯ᠎ᠠ ᠳ᠋ᠤ᠌ 》 ᠭᠡᠵᠦ ᠠᠭᠠᠵᠢᠮᠬᠠᠨ ᠪᠥᠭᠡᠳ ᠢᠳᠡᠷᠡᠭᠦᠨ ᠪᠢᠴᠢᠯ᠎ᠡ᠃ᠮᠠᠼᠢᠮᠤᠲ᠋ᠣ᠋ ᠰᠣᠣᠾᠧ ᠶ᠋ᠢᠨ ᠳᠤᠷᠠᠰᠤᠮᠵᠢ ᠵᠣᠬᠢᠶᠠᠯ ᠢ᠋ ᠪᠢ ᠡᠬᠡ ᠮᠣᠩᠭᠣᠯ ᠬᠡᠯᠡ ᠪᠡᠷ ᠢ᠋ᠶ᠋ᠡᠨ ᠤᠩᠰᠢᠵᠤ᠂ ᠨᠣᠮᠣᠨ ᠬᠠᠨ ᠤ᠋ ᠲᠤᠬᠠᠢ ᠪᠢᠴᠢᠭᠰᠡᠨ ᠪᠤᠰᠤᠳ ᠵᠣᠬᠢᠶᠠᠯ ᠪᠠ ᠲᠧᠯᠸᠢᠰ ᠫᠷᠣᠭ᠌ᠷᠠᠮ  ᠲᠠᠢ ᠬᠠᠷᠢᠴᠠᠭᠤᠯᠤᠨ ᠲᠤᠩᠭᠠᠭᠠᠵᠤ᠂ ᠨᠢᠭᠡ ᠯᠡ ᠭᠱᠠᠨ ᠳ᠋ᠠᠭᠠᠨ ᠣᠪᠣᠭ᠎ᠠ ᠣᠯᠤᠯᠲᠠ ᠲᠠᠢ ᠪᠠᠢᠭᠰᠠᠨ ᠴᠤ᠌ ᠳᠡᠮᠡᠢ ᠤᠳᠠᠯ ᠦᠭᠡᠢ ᠴᠡᠭᠡᠵᠢᠯᠡᠭᠡᠰᠦ ᠮᠢᠨᠢ ᠦᠦᠷ ᠦ᠋ᠨ ᠣᠳᠣᠳ ᠰᠢᠭ᠋ ᠰᠢᠩᠭᠡᠷᠡᠵᠦ ᠣᠷᠬᠢᠵᠠᠢ᠃  ᠮᠠᠷᠲᠠᠨ᠎ᠠ ᠭᠡᠳᠡᠭ ᠴᠦ᠍ ᠮᠠᠨ ᠤ᠋ ᠬᠥᠮᠦᠨ ᠲᠥᠷᠥᠯᠲᠡᠨ ᠳ᠋ᠦ᠍ ᠠᠬᠢᠨ ᠳᠠᠬᠢᠨ ᠲᠣᠰᠴᠤ ᠪᠠᠢᠳᠠᠭ ᠬᠡᠴᠢᠭᠦᠦ ᠬᠡᠴᠡᠭᠦᠦ ᠡᠪᠡᠳᠴᠢᠨ ᠳᠡ᠃  
ᠬᠠᠷ᠎ᠠ ᠬᠦᠷᠡᠩ ᠴᠢᠷᠠᠢᠲᠠᠢ ᠲᠣᠭᠣᠨᠣᠨ ᠴᠢᠨᠡᠭᠡᠨ ᠡᠨᠡ ᠲᠡᠮᠦᠷ ᠮᠠᠨ ᠤ᠋ ᠶᠠᠷᠢᠳᠠᠭ ᠬᠠᠯᠬ᠎ᠠ ᠭᠣᠣᠯ ᠤ᠋ᠨ ᠲᠡᠢᠨ ᠪᠤᠶᠤ ᠨᠣᠮᠣᠨ ᠬᠠᠨ ᠤ᠋ ᠲᠡᠢᠨ ᠦ᠌ ᠳᠦᠷᠡᠯᠵᠡᠮ᠎ᠡ ᠭᠠᠯ ᠳ᠋ᠤ᠌ ᠬᠠᠢᠯᠠᠬᠤ ᠰᠢᠬᠠᠲᠠᠯ᠎ᠠ ᠪᠠᠨ ᠤᠯᠠᠢᠰᠴᠤ ᠥᠩᠭᠡᠷᠡᠭᠰᠡᠨ ᠪᠣᠯᠬᠣᠷ ᠲᠤᠬᠠᠢ ᠶ᠋ᠢᠨ ᠵᠢᠯ ᠡᠨᠡ ᠡᠭᠡᠷᠡᠮ᠎ᠡ ᠲᠠᠯ᠎ᠠ ᠬᠡᠴᠦᠨᠡᠨ ᠬᠠᠯᠠᠭᠤᠨ ᠪᠠᠢᠭᠰᠠᠨ ᠢ᠋ ᠪᠠᠲᠤ ᠠ᠋ᠴᠠ ᠪᠠᠲᠤ ᠴᠡᠭᠡᠵᠢᠯᠡᠭᠰᠡᠭᠡᠷ ᠪᠠᠢᠭ᠎ᠠ ᠶᠤᠮ ᠪᠠᠢᠨ᠎ᠠ᠃  ᠬᠥᠮᠦᠨ ᠪᠢᠳᠡ ᠯᠠ ᠳᠡᠩᠳᠡᠭᠦᠦ ᠮᠠᠷᠲᠠᠮᠠᠲᠠᠭᠠᠢ ᠪᠣᠯᠬᠣᠷ ᠡᠢᠮᠦᠷᠬᠦ ᠴᠡᠭᠡᠵᠢ ᠰᠠᠢᠲᠠᠢ ᠪᠣᠳᠠᠰ ᠢ᠋ ᠴᠤᠭᠯᠠᠭᠤᠯᠤᠨ ᠮᠦᠽᠧᠢ ᠪᠠᠢᠭᠤᠯᠵᠤ᠂ ᠥᠪᠡᠷ ᠦ᠋ᠨ ᠢ᠋ᠶ᠋ᠡᠨ ᠭᠠᠰᠢᠭᠤᠨ ᠰᠤᠷᠭᠠᠮᠵᠢ ᠶ᠋ᠢ ᠶᠠᠷᠢᠭᠤᠯᠵᠤ ᠪᠠᠢᠳᠠᠭ ᠶᠤᠮ ᠠ᠋᠃  ᠡᠨᠡ ᠲᠡᠮᠦᠷ ᠴᠢᠨᠢ ᠮᠠᠼᠢᠮᠤᠲ᠋ᠣ᠋ ᠰᠣᠣᠾᠧ ᠶ᠋ᠢᠨ ᠥᠭᠡᠳᠡ ᠰᠢᠷᠡᠮᠦᠨ ᠠᠶᠤᠩᠭ᠎ᠠ ᠨᠢᠷᠭᠡᠭᠦᠯᠦᠨ ᠳᠠᠭᠠᠷᠢᠵᠤ ᠪᠠᠢᠭᠰᠠᠨ ᠳᠡᠩᠳᠡᠭᠦᠦ ᠣᠮᠣᠭᠯᠠᠩ ᠵᠥᠪᠯᠡᠯᠲᠦ ᠲᠠᠩᠺ ᠤ᠋ᠨ ᠥᠪᠡᠷ ᠦ᠋ᠨ ᠠᠭᠠᠭ᠂ ᠪᠤᠰᠤᠳ ᠤ᠋ᠨ ᠬᠢᠯᠢᠩ ᠳ᠋ᠦ᠍ ᠳᠡᠯᠪᠡ ᠦᠰᠦᠷᠦᠭᠰᠡᠨ ᠰᠡᠯᠪᠢᠭ ᠪᠦᠷᠢᠯᠳᠦᠬᠦᠨ᠂ ᠡᠰᠡᠪᠡᠯ ᠰᠣᠣᠾᠧ ᠮᠢᠨᠢ ᠳᠠᠢᠴᠢᠨ ᠠᠨᠳᠠ ᠨᠠᠷ ᠤ᠋ᠨ ᠢ᠋ᠶ᠋ᠠᠨ ᠬᠡᠭᠦᠷ ᠢ᠋ ᠲᠡᠷᠭᠡ ᠲᠡᠷᠭᠡ ᠪᠡᠷ ᠲᠡᠭᠡᠭᠡᠭᠡᠳ ᠶᠠᠪᠤᠵᠤ ᠪᠠᠢᠬᠤ ᠳ᠋ᠤ᠌ ᠠᠭᠠᠷ ᠠ᠋ᠴᠠ ᠪᠥᠮᠪᠥᠭᠡᠳᠡᠵᠦ ᠮᠠᠰᠢᠨ ᠲᠡᠷᠭᠡ ᠶ᠋ᠢ ᠨᠢ ᠠᠮᠢ ᠪᠠᠨ ᠠᠯᠳᠠᠭᠰᠠᠨ ᠨᠥᠬᠥᠳ ᠲᠡᠢ ᠨᠢ ᠪᠦᠭᠦᠳᠡ ᠶ᠋ᠢ ᠠᠭᠤᠯᠠᠨ ᠭᠣᠣ ᠳ᠋ᠤ᠌ ᠬᠡᠮᠬᠡᠴᠢᠨ ᠰᠠᠴᠤᠭᠰᠠᠨ ᠵᠦᠺᠤᠹ  ᠤ᠋ᠨ ᠴᠡᠴᠡᠨ ᠪᠥᠮᠪᠦᠭᠡᠴᠢ— ᠵᠥᠪᠯᠡᠯᠲᠦ ᠨᠢᠰᠬᠡᠯ ᠦ᠋ᠨ ᠰᠤᠮᠤᠨ ᠳ᠋ᠤ᠌ ᠥᠷᠢᠲᠦᠭᠰᠡᠨ ᠶᠠᠪᠤᠨ ᠲᠠᠩᠺ ᠤ᠋ᠨ ᠮᠥᠴᠡ ᠡᠷᠬᠡᠲᠡᠨ ᠁᠁ ᠶᠠᠭᠤ ᠴᠤ᠌ ᠪᠣᠯᠤᠭ᠂ ᠬᠥᠮᠦᠨ ᠠᠯᠠᠬᠤ ᠬᠦᠴᠦᠲᠦ ᠵᠡᠪᠰᠡᠭ ᠪᠣᠯᠤᠭᠰᠠᠨ ᠲᠠᠩᠺ ᠤ᠋ᠨ ᠯᠠ ᠲᠠᠮᠲᠤᠷᠬᠠᠢ ᠪᠠᠢᠨ᠎ᠠ᠃  
1939 ᠣᠨ ᠤ᠋ ᠨᠣᠮᠣᠨ ᠬᠠᠨ ᠪᠦᠷᠢᠳᠦ ᠶ᠋ᠢᠨ ᠡᠷᠭᠢᠨ ᠲᠣᠭᠣᠷᠢᠨ ᠤ᠋ ᠵᠢᠷᠭᠤᠭᠠᠨ ᠵᠠᠭᠤᠨ ᠳᠥᠷᠪᠡᠯᠵᠢᠨ ᠺᠢᠯᠣᠮᠧᠲ᠋ᠧᠷ ᠨᠤᠲᠤᠭ ᠳᠡᠭᠡᠷ᠎ᠡ ᠬᠣᠷᠢᠭᠠᠳ ᠲᠦᠮᠡᠨ ᠴᠡᠷᠢᠭ᠂ ᠲᠠᠪᠤᠨ ᠵᠠᠭᠤ ᠭᠠᠷᠤᠢ ᠭᠠᠯᠲᠤ ᠫᠤᠤ᠂ ᠶᠢᠰᠦᠨ ᠵᠠᠭᠤ ᠭᠠᠷᠤᠢ ᠨᠢᠰᠬᠡᠯ᠂ ᠮᠢᠩᠭ᠎ᠠ ᠭᠠᠷᠤᠢ ᠲᠠᠩᠺ ᠪᠦᠭᠦᠳᠡᠭᠡᠷ ᠯᠡ ᠬᠥᠮᠦᠨ ᠦ᠌ ᠴᠢᠰᠤᠨ ᠳ᠋ᠤ᠌ ᠤᠯᠠᠢᠷᠠᠨ ᠠᠯᠠᠬᠤ ᠶ᠋ᠢᠨ ᠴᠢᠳᠬᠥᠷ ᠨᠥᠬᠥᠴᠡᠭᠡᠳ ᠪᠠᠢᠵᠠᠢ᠃  ᠥᠨᠥᠳᠥᠷ ᠪᠢᠳᠡ ᠡᠷᠭᠢᠨ ᠲᠣᠭᠣᠷᠢᠨ ᠢ᠋ᠶ᠋ᠠᠨ ᠪᠠᠷᠠᠭᠠᠯᠠᠪᠠᠯ ᠭᠦᠶᠦᠬᠡᠨ ᠤᠰᠤ ᠲᠠᠢ ᠲᠤᠩᠭᠠᠯᠠᠭ ᠨᠠᠭᠤᠷ ᠲᠤ᠌ ᠰᠦᠷᠦᠭ ᠠᠳᠤᠭᠤ ᠵᠢᠷᠭᠠᠯ ᠤ᠋ᠨ ᠠᠢᠵᠠᠮ ᠢ᠋ᠶ᠋ᠠᠷ ᠲᠣᠯᠣᠭᠠᠷ ᠲᠣᠬᠢᠵᠠᠭᠠᠨ᠂ ᠵᠠᠳᠠᠭᠠᠢ ᠠᠮᠢᠰᠬᠤᠯ ᠲᠠᠢ ᠲᠡᠷᠲᠡᠭᠡ ᠳᠡᠨᠵᠢᠨ ᠳ᠋ᠦ᠍ ᠴᠠᠳᠬᠤᠯᠠᠩ ᠦᠬᠡᠷ ᠵᠠᠯᠬᠠᠭᠤᠲᠠᠢᠬᠠᠨ ᠪᠡᠯᠴᠢᠬᠦ ᠪᠥᠭᠡᠳ ᠬᠣᠨᠢᠳ ᠠᠷᠪᠠ ᠬᠣᠷᠢ ᠪᠠᠷ ᠢ᠋ᠶ᠋ᠠᠨ ᠵᠢᠵᠢᠭ ᠪᠦᠯᠬᠦᠮ ᠪᠣᠯᠵᠤ᠂ ᠪᠡᠶ᠎ᠡ ᠪᠡᠶ᠎ᠡ ᠶ᠋ᠢᠨ ᠢ᠋ᠶ᠋ᠡᠨ ᠰᠡᠭᠦᠳᠡᠷ ᠲᠦ᠍ ᠲᠣᠯᠣᠭᠠᠢ ᠪᠠᠨ ᠰᠢᠷᠭᠤᠭᠤᠯᠤᠨ ᠶᠠᠭᠤ ᠨᠢᠭᠡ ᠶ᠋ᠢ ᠳᠤᠭᠤᠢᠯᠠᠩ ᠤ᠋ᠨ ᠬᠤᠷᠠᠯ ᠢ᠋ᠶ᠋ᠠᠷ ᠵᠥᠪᠯᠡᠬᠦ ᠮᠡᠲᠦ᠃  ᠬᠡᠴᠦᠨᠡᠨ ᠲᠦᠮᠡᠨ ᠬᠥᠮᠦᠨ ᠦ᠌ ᠴᠢᠰᠤ ᠪᠠᠷ ᠤᠮᠳᠠᠯᠠᠭᠳᠠᠭᠰᠠᠨ ᠡᠨᠡ ᠭᠠᠵᠠᠷ ᠤ᠋ᠨ ᠡᠪᠡᠰᠦ ᠤᠷᠭᠤᠮᠠᠯ  ᠤ᠋ᠨ ᠠᠮᠲᠠ ᠰᠢᠮ᠎ᠡ ᠶᠠᠮᠠᠷ ᠪᠠᠢᠭ᠎ᠠ ᠶ᠋ᠢ ᠲᠠᠲᠠᠨ ᠠ᠋ᠴᠠ ᠯᠠ ᠠᠰᠠᠭᠤᠮᠠᠷ ᠰᠠᠨᠠᠭᠳᠠᠪᠠ᠃  ᠬᠥᠮᠦᠨ ᠶᠡᠷᠦᠨᠢ ᠴᠢᠰᠤᠨ ᠤ᠋ ᠪᠠᠨ ᠠᠮᠲᠠ ᠶ᠋ᠢ ᠠᠷᠢᠶᠠᠲᠠᠨ ᠠᠮᠢᠲᠠᠨ ᠠᠳᠤᠭᠤᠰᠤ ᠮᠠᠯ ᠠ᠋ᠴᠠ ᠠᠰᠠᠭᠤᠬᠤ ᠴᠠᠭ ᠢᠷᠡᠭᠡ ᠦᠭᠡᠢ ᠪᠢᠵᠡ ᠳᠡ ᠭᠡᠬᠦ ᠠᠶᠤᠯ ᠤ᠋ᠨ ᠪᠣᠳᠣᠯ ᠲᠠᠷᠢᠬᠢᠨ ᠳ᠋ᠤ᠌ ᠭᠢᠯᠪᠠᠨ ᠬᠠᠮᠤᠭ ᠪᠡᠶ᠎ᠡ ᠵᠢᠷᠢᠰᠬᠢᠵᠦ ᠬᠠᠯᠠᠭᠤᠨ ᠴᠢᠰᠤ ᠴᠠᠷᠴᠢᠲᠠᠯ᠎ᠠ ᠳᠠᠭᠠᠷᠠᠳᠠᠰᠤ ᠬᠦᠷᠴᠦ ᠠᠮᠵᠢᠯ᠎ᠠ᠃  ᠲᠠᠢᠪᠤᠭᠤᠬᠠᠨ ᠪᠡᠯᠴᠢᠬᠦ ᠦᠬᠡᠷ ᠮᠠᠯ ᠬᠠᠷᠢᠨ 《ᠳᠡᠭᠡᠳᠦ ᠤᠬᠠᠭᠠᠨᠲᠤ ᠬᠥᠮᠦᠨ ᠲᠠ ᠨᠠᠷ ᠲᠤ᠌ ᠴᠢᠨᠢ ᠪᠤᠰᠤᠳ ᠠᠮᠢᠲᠠᠨ ᠢ᠋ ᠬᠥᠨᠥᠭᠡᠬᠦ ᠬᠤᠯᠵᠢᠨ ᠠᠷᠭ᠎ᠠ ᠬᠤᠷᠴᠠ ᠵᠡᠪᠰᠡᠭ ᠲᠦᠮᠡᠨ ᠵᠦᠢᠯ ᠪᠠᠢᠳᠠᠭ᠂ ᠬᠠᠷᠢᠨ ᠥᠪᠡᠷ ᠵᠠᠭᠤᠷ᠎ᠠ ᠪᠠᠨ ᠬᠠᠷᠢᠯᠴᠠᠨ ᠠᠯᠠᠯᠳᠤᠬᠤ ᠨᠢᠭᠤᠴᠠ ᠪᠠᠰᠢᠷ ᠨᠢᠭᠦᠯᠲᠦ ᠵᠡᠪᠰᠡᠭ ᠴᠢᠨᠢ ᠲᠡᠭᠦᠨ  ᠡᠴᠡ ᠪᠠᠰᠠ ᠣᠯᠠᠨ ᠠᠵᠠᠢ 》 ᠭᠡᠵᠦ ᠱᠠᠯ ᠥᠭᠡᠷ᠎ᠡ ᠶᠠᠭᠤᠮ᠎ᠠ ᠶᠠᠷᠢᠵᠤ ᠨᠠᠮ᠎ᠠ ᠶ᠋ᠢ ᠳᠣᠭᠣᠭᠢᠯᠠᠵᠤ ᠪᠠᠢᠭ᠎ᠠ ᠴᠤ᠌ ᠰᠢᠭ᠋᠃  ᠣᠯᠠᠨ ᠠᠮᠢᠲᠠᠨ ᠤ᠋ ᠮᠠᠩᠯᠠᠢ᠂ ᠣᠷᠴᠢᠯᠠᠩ ᠶᠢᠷᠲᠢᠨᠴᠦ ᠶ᠋ᠢᠨ ᠡᠵᠡᠨ᠂ ᠣᠶᠤᠨ ᠪᠢᠯᠢᠭᠲᠦ ᠬᠥᠮᠦᠨ ᠪᠢ ᠮᠠᠯ ᠠ᠋ᠴᠠ ᠤᠬᠠᠭᠠᠨ ᠭᠣᠶᠣᠮᠠᠷ ᠠᠭᠠᠰᠢᠯᠠᠭᠰᠠᠨ ᠳ᠋ᠠᠭᠠᠨ ᠢᠴᠢᠩᠭᠦᠷᠡᠵᠦ ᠬᠠᠷᠠᠭ᠎ᠠ ᠪᠤᠷᠤᠭᠤᠯᠠᠪᠠᠯ ᠥᠨᠥ ᠲᠠᠩᠺ ᠤ᠋ᠨ ᠲᠠᠮᠲᠤᠷᠬᠠᠢ ᠬᠠᠷ᠎ᠠ ᠬᠦᠷᠡᠩ ᠴᠢᠷᠠᠢ ᠪᠠᠨ ᠤᠯᠠᠮ ᠪᠠᠷᠤᠢᠯᠭᠠᠵᠤ᠂ ᠨᠢᠭᠡᠮᠦᠰᠦᠨ ᠲᠥᠪ ᠴᠢᠷᠠᠢᠯᠠᠵᠤ ᠪᠠᠢᠪᠠ᠃  ᠪᠢ ᠰᠡᠳᠬᠢᠯ ᠳ᠋ᠡᠭᠡᠨ ᠄ ᠲᠠᠨ ᠠ᠋ᠴᠠ ᠯᠠ ᠤᠬᠠᠭᠠᠨ ᠭᠤᠶᠤᠶ᠎ᠠ᠂ ᠰᠢᠷᠠᠮᠤ ᠴᠢᠷᠠᠢᠲᠤ ᠪᠠᠭᠰᠢ ᠮᠢᠨᠢ ᠭᠡᠵᠦ ᠬᠢᠴᠢᠶᠡᠩᠭᠦᠢᠯᠡᠨ ᠳᠠᠭᠤᠳᠠᠭᠠᠳ 《ᠨᠣᠮᠣᠨ ᠬᠠᠨ ᠤ᠋ ᠲᠡᠢᠨ ᠦ᠌ ᠬᠠᠭᠤᠴᠢ ᠶ᠋ᠢ ᠳᠡᠯᠭᠡᠨ ᠦᠵᠡᠭᠦᠯᠬᠦ ᠮᠦᠽᠧᠢ 》 ᠶ᠋ᠢ ᠵᠣᠷᠢᠯ᠎ᠠ᠃  
ᠭᠤᠷᠪᠠ 
ᠨᠣᠮᠣᠨ ᠬᠠᠨ ᠤ᠋ ᠮᠦᠽᠧᠢ ᠪᠣᠯ ᠪᠠᠢᠯᠳᠤᠭᠠᠨ ᠪᠣᠯᠵᠤ ᠥᠩᠭᠡᠷᠡᠭᠰᠡᠨ ᠠᠬᠤᠢ ᠲᠠᠯᠠᠪᠠᠢ ᠳ᠋ᠤ᠌ ᠪᠠᠢᠭᠤᠯᠤᠭᠳᠠᠭᠰᠠᠨ ᠬᠣᠶᠠᠷ ᠳᠠᠪᠬᠤᠷ ᠠᠰᠠᠷ ᠶᠤᠮ᠃  ᠳᠣᠲᠣᠷ᠎ᠠ ᠨᠢ ᠲᠤᠬᠠᠢ ᠶ᠋ᠢᠨ ᠦᠶ᠎ᠡ ᠶ᠋ᠢᠨ ᠲᠡᠢᠨ  ᠦ᠌ ᠲᠠᠯᠠᠪᠤᠷ ᠠ᠋ᠴᠠ ᠴᠤᠭᠯᠠᠭᠤᠯᠤᠭᠰᠠᠨ ᠰᠡᠯᠡᠮ᠎ᠡ ᠵᠢᠳᠠ᠂ ᠫᠤᠤ ᠰᠤᠮᠤ᠂ ᠯᠣᠩᠬᠣ ᠰᠠᠪᠠ ᠵᠡᠷᠭᠡ ᠪᠣᠳᠠᠰ ᠪᠠ ᠭᠡᠷᠡᠯ ᠵᠢᠷᠤᠭ ᠤ᠋ᠨ ᠵᠦᠢᠯᠡᠰ ᠢ᠋ ᠥᠷᠥᠵᠦ᠂ ᠭᠠᠳᠠᠨ᠎ᠠ ᠨᠢ ᠲᠤᠬᠠᠢ ᠶ᠋ᠢᠨ ᠵᠢᠯ ᠦ᠋ᠨ ᠲᠡᠢᠨ  ᠳ᠋ᠦ᠍ ᠳᠡᠯᠪᠡᠷᠡᠭᠡ ᠦᠭᠡᠢ ᠦᠯᠡᠳᠡᠭᠰᠡᠨ ᠰᠤᠮᠤ ᠨᠤᠭᠤᠳ ᠢ᠋ ᠳᠡᠯᠭᠡᠨ ᠦᠵᠡᠭᠦᠯᠵᠦ ᠪᠠᠢᠯ᠎ᠠ᠃  ᠲᠡᠷᠡ ᠦᠶ᠎ᠡ ᠳ᠋ᠦ᠍ ᠠᠮᠢᠳᠤ ᠬᠥᠮᠦᠨ ᠦ᠌ ᠤᠬᠠᠭᠠᠨ ᠳᠤᠲᠠᠭᠤᠳᠠᠵᠤ ᠳᠡᠯᠪᠡᠷᠡᠬᠦ ᠴᠢᠳᠠᠮᠵᠢ ᠦᠭᠡᠢ 《ᠴᠢᠨᠠᠷ ᠮᠠᠭᠤᠲᠠᠢ 》 ᠲᠠᠸᠠᠷ ᠦᠢᠯᠡᠳᠪᠦᠷᠢᠯᠡᠵᠦ ᠤᠤ᠂ ᠠᠮᠢᠳᠤᠷᠠᠬᠤ ᠬᠥᠮᠦᠨ ᠦ᠌ ᠪᠤᠶᠠᠨ ᠲᠠᠭᠠᠷᠠᠵᠤ ᠳᠡᠯᠪᠡᠷᠡᠬᠦ ᠨᠢᠭᠦᠯ ᠦᠭᠡᠢ  《ᠴᠢᠨᠠᠷ ᠰᠠᠢᠲᠠᠢ 》 ᠰᠤᠮᠤ ᠲᠣᠬᠢᠶᠠᠯᠳᠤᠵᠤ ᠤᠤ ? ᠭᠡᠳᠡᠭ ᠠᠰᠠᠭᠤᠯᠲᠠ ᠲᠠᠷᠢᠬᠢᠨ ᠳ᠋ᠤ᠌ ᠮᠢᠨᠢ ᠭᠢᠯᠠᠰᠤᠨ ᠣᠢ ᠪᠢᠯᠢᠭ ᠦ᠋ᠨ ᠮᠢᠨᠢ ᠰᠠᠨᠰᠠᠷ ᠲᠤ᠌ ᠲᠡᠦᠬᠡ ᠶ᠋ᠢᠨ ᠣᠴᠢ ᠰᠤᠪᠤᠷᠠᠭᠤᠯᠤᠨ ᠣᠳᠣ ᠰᠢᠭ᠋ ᠬᠠᠷᠪᠤᠪᠠ᠃  ᠠᠢ ᠬᠥᠭᠡᠷᠦᠬᠦᠢ᠂ ᠡᠨᠡ ᠰᠤᠮᠤ ᠫᠤᠤ᠂ ᠰᠡᠯᠡᠮ᠎ᠡ ᠵᠢᠳᠠ ᠳ᠋ᠤ᠌ ᠶᠠᠮᠠᠷ ᠨᠢᠭᠦᠯ ᠪᠠᠢᠬᠤ ᠪᠣᠢ᠂ ᠨᠢᠭᠦᠯ ᠭᠡᠳᠡᠭ ᠴᠢᠨᠢ ᠬᠥᠮᠦᠨ ᠦ᠌ ᠰᠠᠨᠠᠭᠠᠨ ᠤ᠋ ᠭᠬᠢᠷ ᠪᠤᠷᠲᠠᠭ ᠤ᠋ᠳ ᠵᠢᠷᠦᠬᠡ ᠲᠠᠷᠢᠬᠢ ᠬᠣᠶᠠᠷ ᠲᠤᠨᠢ ᠲᠣᠨᠣᠵᠤ ᠪᠦᠲᠦᠭᠰᠡᠨ ᠬᠣᠣᠷᠲᠤ ᠪᠡᠲᠡᠭᠢ ᠪᠢᠰᠢ ᠤᠤ᠃  ᠬᠥᠮᠦᠨ ᠦ᠌ ᠠᠮᠢᠳᠤᠷᠠᠵᠤ ᠮᠥᠩᠬᠡᠷᠡᠬᠦ ᠶ᠋ᠢᠨ ᠳᠠᠭᠤᠰᠤᠰᠢ ᠦᠭᠡᠢ ᠬᠦᠰᠡᠯ᠂ ᠡᠳ᠋ᠯᠡᠵᠦ ᠵᠢᠷᠭᠠᠬᠤ ᠶ᠋ᠢᠨ ᠬᠠᠨᠤᠰᠢ ᠦᠭᠡᠢ ᠰᠢᠨᠤᠯ᠂ ᠠᠲᠠᠭ᠎ᠠ ᠵᠢᠲᠥᠭᠡ᠂ ᠠᠳᠬᠠᠭ ᠨᠡᠷᠡᠯᠬᠡᠭ᠁ ᠡᠨᠡ ᠪᠦᠭᠦᠳᠡ ᠨᠢ ᠬᠥᠯᠭᠡ ᠳ᠋ᠦ᠍ᠷ ᠦᠭᠡᠢ ᠨᠠᠢᠷᠠᠭᠳᠠᠵᠤ ᠰᠡᠳᠬᠢᠯ ᠦ᠋ᠨ ᠭᠬᠢᠷ ᠪᠣᠯᠵᠤ ᠪᠦᠷᠢᠳᠦᠭᠡᠳ ᠠᠭᠠᠵᠢᠮ ᠢ᠋ᠶ᠋ᠠᠷ ᠵᠢᠷᠦᠬᠡ ᠲᠠᠷᠢᠬᠢᠨ  ᠳ᠋ᠤ᠌ ᠨᠢ ᠲᠣᠨᠣᠵᠤ ᠨᠢᠭᠦᠯ ᠬᠡᠮᠡᠬᠦ ᠪᠡᠲᠡᠭᠢ ᠪᠣᠯᠵᠤ ᠤᠷᠭᠤᠳᠠᠭ ᠶᠤᠮ ᠪᠠᠢᠬ᠎ᠠ᠁ 
ᠪᠢ ᠮᠦᠽᠧᠢ ᠶ᠋ᠢᠨ ᠬᠠᠲᠠᠪᠴᠢ ᠶ᠋ᠢ ᠠᠯᠬᠤᠮᠠᠭᠴᠠ ᠶᠠᠮᠠᠷ ᠨᠢᠭᠡᠨ ᠲᠥᠪ ᠴᠢᠩᠭ᠎ᠠ ᠬᠢᠴᠢᠶᠡᠯ  ᠦ᠋ᠨ ᠲᠠᠩᠬᠢᠮ ᠳ᠋ᠤ᠌ ᠣᠷᠣᠵᠤ ᠪᠠᠢᠭ᠎ᠠ ᠰᠢᠭ᠋ ᠲᠥᠷᠥᠭᠳᠡᠯ ᠲᠡᠢ ᠪᠣᠯᠤᠯ᠎ᠠ᠃  ᠲᠡᠢᠮᠦ ᠠ᠋᠂ ᠨᠣᠮᠣᠨ ᠬᠠᠨ ᠤ᠋ ᠲᠠᠯ᠎ᠠ ᠪᠣᠯ ᠨᠡᠯᠦᠭᠡᠷ ᠶᠡᠬᠡ ᠰᠤᠷᠭᠠᠭᠤᠯᠢ ᠶ᠋ᠢᠨ ᠬᠦᠷᠢᠶ᠎ᠡ᠂ ᠡᠨᠡ ᠮᠦᠽᠧᠢ ᠪᠣᠯ ᠬᠢᠴᠢᠶᠡᠯ ᠦ᠋ᠨ ᠲᠠᠩᠬᠢᠮ ᠰᠢᠷᠡᠮᠦ ᠴᠢᠷᠠᠢᠲᠤ ᠪᠣᠯ ᠳᠥᠷᠪᠡᠨ ᠤᠯᠠᠷᠢᠯ ᠳ᠋ᠤ᠌ ᠦᠯᠦ ᠠᠮᠤᠰᠬᠢᠭᠴᠢ ᠵᠢᠵᠢᠭᠦᠷ ᠪᠠᠭᠰᠢ᠂ ᠠ᠂ ᠲᠡᠭᠡᠪᠡᠯ ᠰᠣᠣᠾᠸ ᠭᠤᠸᠠᠢ ᠴᠢᠨᠢ ᠰᠤᠷᠬᠤ ᠪᠢᠴᠢᠭ ᠦ᠋ᠨ ᠭᠠᠷᠮᠠᠭᠠᠢ ᠨᠠᠢᠷᠠᠭᠤᠯᠤᠭᠴᠢ  ᠶᠤᠮ ᠪᠠᠢᠨ᠎ᠠ᠃  ᠡᠨᠡ ᠫᠤᠤ ᠰᠤᠮᠤ᠂ ᠰᠡᠯᠡᠮ᠎ᠡ ᠵᠢᠳᠠ ᠴᠢᠨᠢ ᠲᠤᠷᠰᠢᠯᠲᠠ ᠶ᠋ᠢᠨ ᠪᠠᠭᠠᠵᠢ ᠤᠤ ? ᠦᠭᠡᠢ ᠠ᠋᠂ᠡᠨᠡ ᠲᠤᠷᠰᠢᠯᠲᠠ ᠶ᠋ᠢ ᠬᠡᠨ ᠴᠦ᠍ ᠬᠡᠵᠢᠶ᠎ᠡ ᠴᠦ᠍ ᠪᠤᠤ ᠬᠢᠭ ᠬᠢᠭ!
 ᠮᠦᠽᠧᠢ ᠶ᠋ᠢᠨ ᠬᠠᠨ᠎ᠠ ᠳᠠᠭᠠᠤ ᠡᠩᠨᠡᠷᠡᠭᠰᠡᠨ ᠦᠵᠡᠬᠦᠯᠭᠡ ᠶ᠋ᠢᠨ ᠠᠪᠳᠠᠷ᠎ᠠ ᠳ᠋ᠠᠬᠢ ᠶᠠᠫᠣᠨ ᠰᠡᠯᠡᠮ᠎ᠡ ᠶ᠋ᠢ ᠬᠠᠷᠠᠬᠤ ᠳ᠋ᠤ᠌ ᠬᠦᠷᠡᠩ ᠬᠠᠷ᠎ᠠ ᠵᠢᠪ ᠲᠦ᠍ ᠨᠢ ᠬᠥᠮᠦᠨ ᠦ᠌ ᠴᠢᠰᠤ ᠬᠣᠯᠢᠯᠳᠤᠨ ᠪᠠᠢᠭ᠎ᠠ ᠳᠠ ᠭᠡᠵᠦ ᠰᠠᠨᠠᠭᠳᠠᠨ ᠳᠣᠲᠣᠷ᠎ᠠ ᠵᠢᠷᠢᠰᠬᠢᠬᠦ ᠭᠱᠠᠨ᠎ᠠ ᠵᠠᠯᠠᠭᠤᠬᠠᠨ ᠴᠡᠷᠢᠭ ᠦ᠋ᠨ ᠡᠴᠡᠠᠩᠬᠡᠢ ᠨᠠᠷᠢᠨ ᠬᠦᠵᠦᠭᠦᠦ ᠨᠢᠳᠦᠨ ᠳ᠋ᠦ᠍ ᠲᠣᠳᠣᠷᠠᠨ᠂ ᠶᠡᠬᠡ ᠳᠠᠯᠠᠢ ᠶ᠋ᠢᠨ ᠮᠠᠨᠳᠤᠯ ᠳ᠋ᠤ᠌ ᠴᠠᠬᠤᠯᠠᠢ ᠶ᠋ᠢᠨ ᠪᠠᠷ᠎ᠠ ᠠᠭᠤᠰᠬᠤ ᠮᠡᠲᠦ ᠬᠣᠷᠣᠮᠬᠠᠨ᠎ᠠ ᠠᠷᠢᠯᠪᠠ᠃  ᠠ᠂ ᠣᠯᠧᠮᠫᠢᠺ ᠦ᠋ᠨ ᠴᠢᠭᠤᠯᠭᠠᠨ ᠤ᠋ ᠴᠡᠯᠮᠡᠭ ᠲᠡᠭᠷᠢ ᠳ᠋ᠦ᠍ ᠠᠯᠭᠤᠷᠬᠠᠨ ᠬᠥᠭᠡᠷᠬᠦ ᠰᠣᠶᠣᠮᠪᠤᠲᠤ ᠲᠤᠭ ᠤ᠋ᠨ ᠬᠤᠷᠳᠤᠴᠠ ᠪᠠᠷ ᠡᠨᠡ ᠬᠦᠵᠦᠭᠦᠦ ᠠᠶᠠᠷᠬᠠᠨ ᠭᠡᠳᠡᠢᠬᠦ ᠳ᠋ᠦ᠍ ᠲᠠᠪᠤᠨ ᠲᠢᠪ ᠦ᠋ᠨ ᠪᠠᠬᠠᠷᠠᠯ ᠪᠣᠯᠤᠭᠰᠠᠨ ᠠᠯᠲᠠᠨ ᠮᠧᠲ᠋ᠠᠯ ᠨᠢ ᠲᠣᠷᠭᠠᠨ ᠣᠭᠣᠰᠣᠷ  ᠲᠠᠭᠠᠨ ᠲᠠᠲᠠᠭᠳᠠᠨ ᠦᠯᠦ ᠮᠡᠳᠡᠭ ᠳᠡᠭᠡᠭᠰᠢᠯᠡᠵᠦ ᠲᠥᠷᠥ ᠶ᠋ᠢᠨ ᠳᠠᠭᠤᠯᠠᠯ ᠤ᠋ᠨ ᠢ᠋ᠶ᠋ᠠᠨ ᠠᠢᠵᠠᠮ  ᠢ᠋ ᠳ᠋ᠡᠭᠡᠨ ᠣᠪᠣᠯᠵᠠᠵᠤ ᠵᠢᠷᠦᠬᠡᠨ ᠴᠣᠬᠢᠯᠭ᠎ᠠ ᠶ᠋ᠢ ᠨᠢ ᠴᠢᠩᠨᠠᠬᠤ ᠮᠡᠲᠦ ᠁ ᠮᠣᠰᠺᠸᠠ ᠲᠡᠭᠦᠷᠭᠡ  ᠶ᠋ᠢᠨ ᠨᠠᠮᠤᠭᠤᠬᠠᠨ ᠦᠳᠡᠰᠢ ᠨᠠᠮᠤᠷ ᠤ᠋ᠨ ᠤᠰᠤ ᠮᠡᠲᠦ ᠲᠤᠨᠤᠷᠠᠭᠰᠠᠨ ᠴᠡᠩᠬᠡᠷ ᠨᠢᠳᠦ ᠲᠡᠢ ᠣᠷᠣᠰ ᠥᠬᠢᠨ ᠬᠠᠪᠤᠷ ᠤ᠋ᠨ ᠤᠳᠠᠨ ᠤ᠋ ᠮᠥᠴᠢᠷ ᠰᠢᠭ ᠲᠤᠶᠠᠬᠠᠨ ᠨᠠᠷᠢᠨ ᠲᠣᠬᠣᠢ ᠴᠠᠷᠪᠠᠭᠤ ᠪᠠᠷ ᠡᠨᠡ ᠬᠦᠵᠦᠭᠦᠨ ᠡᠴᠡ ᠵᠡᠭᠦᠭᠳᠡᠨ 《ᠠᠩᠬᠠᠨ ᠤ᠋ ᠬᠠᠢᠷ᠎ᠠ ᠠᠩᠬᠠᠨ ᠤ᠋ ᠮᠢᠨᠢ ᠬᠠᠢᠷ᠎ᠠ 》 ᠭᠡᠵᠦ ᠠᠮᠢᠳᠤᠷᠠᠯ ᠳᠤᠷᠠᠯᠠᠯ ᠳ᠋ᠤ᠌ ᠱᠠᠩᠳᠠᠭᠤᠷᠠᠨ ᠳᠠᠭᠤᠯᠠᠬᠤᠶ᠎ᠠ ᠁ ᠦᠭᠡᠢ ᠠ᠋᠂  《ᠡᠵᠢ ᠠ᠋᠂ ᠡᠵᠢ ᠠ᠋ 》 ᠭᠡᠪᠡᠦ  《ᠠᠯᠠ ᠠ᠋᠂ ᠠᠯᠠ ᠠ᠋ 》 ᠭᠡᠪᠡᠦ᠂ ᠶᠠᠭᠤ ᠴᠤ᠌ ᠬᠦᠰᠡᠵᠦ᠂ ᠶᠠᠭᠤ ᠴᠤ᠌ ᠪᠦᠲᠦᠭᠡᠵᠦ ᠪᠣᠯᠬᠤ ᠤᠷᠢ ᠬᠣᠩᠭᠣᠷ ᠵᠠᠯᠠᠭᠤ ᠶ᠋ᠢᠨ ᠠᠮᠢ ᠥᠷᠢᠰᠦᠨ ᠪᠠᠷᠬᠢᠷᠠᠬᠤ ᠳᠠᠭᠤᠨ ᠢ᠋ᠶ᠋ᠠᠷ ᠴᠢᠨᠦᠷᠡᠨ ᠵᠠᠩᠭᠢᠷᠠᠭᠰᠠᠨ ᠬᠥᠬᠡ ᠰᠤᠳᠠᠯ ᠡᠨᠡ ᠬᠦᠴᠦᠭᠦᠨ ᠳᠡᠭᠡᠷ᠎ᠡ ᠭᠦᠷᠪᠡᠢᠨ ᠪᠠᠢᠲᠠᠯ᠎ᠠ ᠲᠡᠷᠡ ᠯᠠ ᠶᠠᠫᠣᠨ ᠰᠡᠯᠡᠮ᠎ᠡ ᠲᠡᠰᠬᠡᠲᠡᠯ᠎ᠡ ᠪᠠᠭᠤᠵᠤ ᠮᠣᠩᠭᠣᠯ ᠪᠤᠶᠤ ᠣᠷᠣᠰ ᠤᠯᠠᠭᠠᠨ ᠴᠢᠰᠤ ᠭᠣᠰ ᠭᠣᠰ ᠦᠰᠦᠷᠦᠨ ᠠᠳᠬᠤᠭᠰᠠᠨ ᠫᠤᠤ ᠶ᠋ᠢᠨ ᠬᠢᠨᠢ ᠤᠯᠠᠢᠰᠤᠭᠰᠠᠨ ᠲᠡᠮᠦᠷ ᠳᠡᠭᠡᠷ᠎ᠡ ᠰᠢᠷᠭᠢᠵᠦ ᠪᠠᠢᠭᠰᠠᠨ ᠪᠠᠢᠬ᠎ᠠ ᠠ᠋ ᠁
 ᠶᠡᠷᠦ ᠶ᠋ᠢᠨ ᠦᠶ᠎ᠡ ᠳ᠋ᠦ᠍ ᠪᠣᠯ ᠬᠡᠵᠢᠶᠡᠳᠡ ᠢᠨᠢᠶᠡᠮᠰᠦᠭᠯᠡᠵᠦ ᠯᠡ ᠶᠠᠪᠤᠳᠠᠭ ᠸᠠᠲ᠋ᠨᠡᠪᠧ ᠮᠢᠨᠢ ᠪᠠᠢᠯᠳᠤᠭᠠᠨ ᠡᠬᠢᠯᠡᠬᠦ ᠪᠦᠷᠢ ᠳ᠋ᠦ᠍ ᠬᠠᠮᠤᠭ ᠲᠡᠷᠢᠭᠦᠨ ᠳ᠋ᠦ᠍ ᠳᠠᠭᠠᠷᠢᠨ ᠣᠷᠣᠨ᠎ᠠ᠃  ᠬᠤᠯᠤᠰᠤᠨ ᠤ᠋ ᠦᠵᠦᠭᠦᠷ ᠲᠦ᠍ ᠮᠢᠬ᠎ᠠ ᠡᠯᠭᠦᠭᠡᠳ᠂ ᠤᠯᠠᠢᠷᠠᠨ ᠳᠣᠪᠲᠣᠯᠬᠤ ᠵᠥᠪᠯᠡᠯᠲᠦ ᠲᠠᠩᠺ ᠤ᠋ᠨ ᠥᠭᠡᠳᠡ ᠶᠠᠪᠠᠭᠠᠨ ᠳᠠᠭᠠᠷᠢᠬᠤ ᠲᠡᠷᠡ ᠮᠢᠨᠢ ᠶᠣᠰᠣᠲᠠᠢ ᠴᠤ᠌ ᠶᠠᠫᠣᠨ ᠴᠡᠷᠢᠭ ᠦ᠋ᠨ ᠰᠥᠰᠥ ᠵᠣᠷᠢᠭ ᠤ᠋ᠨ ᠬᠤᠷᠢᠶᠠᠩᠭᠤᠢ ᠳᠦᠷᠢ ᠪᠠᠢᠳᠠᠭ ᠠ᠋᠃  ᠸᠠᠲ᠋ᠨᠡᠪᠧ ᠠᠷᠤ ᠠᠷᠤ ᠠ᠋ᠴᠠ ᠨᠢ ᠬᠣᠶᠠᠷ ᠲᠠᠩᠺ ᠳᠠᠯᠪᠠᠴᠠᠵᠤ ᠬᠡᠴᠢᠨᠡᠨ ᠣᠯᠠᠨ ᠠᠨᠳᠠ ᠶ᠋ᠢᠨ ᠢ᠋ᠶ᠋ᠡᠨ ᠦᠬᠦᠯ ᠢ᠋ ᠬᠣᠢᠰᠢᠯᠠᠭᠤᠯᠤᠭᠰᠠᠨ ᠴᠤ᠌ ᠭᠤᠷᠪᠠᠳᠠᠬᠢ ᠲᠠᠩᠺ ᠢ᠋ ᠦᠨᠡᠰᠦᠨ ᠲᠣᠪᠤᠷᠠᠭ ᠪᠣᠯᠭᠠᠬᠤ ᠬᠦᠰᠡᠯ ᠳ᠋ᠡᠭᠡᠨ ᠬᠦᠷᠴᠦ ᠴᠢᠳᠠᠭ᠎ᠠ ᠦᠭᠡᠢ᠂ ᠥᠪᠡᠷ ᠢ᠋ᠶ᠋ᠡᠨ ᠬᠠᠷᠢᠨ ᠰᠤᠮᠤᠨ ᠪᠣᠷᠣᠭᠠᠨ ᠳ᠋ᠤ᠌ ᠰᠡᠭᠷᠡᠲᠡᠯ᠎ᠡ ᠪᠡᠨ ᠰᠦᠷᠴᠢᠭᠦᠯᠦᠭᠰᠡᠨ ᠶᠤᠮ ᠭᠡᠨ᠎ᠡ ᠪᠢᠯᠡ᠃  ᠡᠨᠡ ᠰᠢᠯᠦᠨ ᠠᠪᠳᠠᠷ᠎ᠠ ᠳ᠋ᠤ᠌ ᠬᠡᠪᠲᠡᠵᠦ ᠪᠠᠢᠭ᠎ᠠ ᠡᠪᠳᠡᠷᠬᠡᠢ ᠫᠦᠯᠧᠮᠶᠣᠲ ᠴᠢᠨᠢ ᠸᠠᠲ᠋ᠨᠡᠪᠧ ᠶ᠋ᠢ᠂ᠸᠠᠲ᠋ᠨᠡᠪᠧ ᠰᠢᠭ ᠭᠢᠯᠠᠷᠠᠭᠰᠠᠨ ᠰᠠᠢᠬᠠᠨ ᠶᠠᠫᠣᠨ ᠵᠠᠯᠠᠭᠤᠰ ᠢ᠋ ᠰᠡᠭ ᠪᠣᠯᠲᠠᠯ᠎ᠠ ᠰᠦᠷᠴᠢᠵᠦ ᠪᠠᠢᠭᠰᠠᠨ ᠭᠠᠯᠵᠠᠭᠤ ᠵᠡᠪᠰᠡᠭ ᠯᠠᠪ ᠮᠥᠨ ᠳᠡ᠃  ᠥᠨᠥ ᠮᠡᠷᠭᠡᠨ ᠬᠠᠷᠪᠤᠭᠠᠴᠢ ᠡᠵᠡᠨ ᠨᠢ ᠤᠯᠠᠭᠠᠨᠪᠠᠭᠠᠲᠤᠷ ᠤ᠋ᠨ ᠰᠦᠬᠡᠪᠠᠭᠠᠲᠤᠷ ᠲᠠᠯᠠᠪᠠᠢ ᠳ᠋ᠤ᠌ ᠬᠠᠯᠬ᠎ᠠ ᠭᠣᠣᠯ ᠤ᠋ᠨ ᠲᠡᠢᠨ ᠦ᠌ ᠣᠳᠣᠨ ᠢ᠋ ᠡᠩᠭᠡᠷ ᠲᠡᠭᠡᠨ ᠭᠢᠯᠠᠯᠵᠠᠭᠤᠯᠤᠨ ᠠᠮᠢᠳᠤ ᠶ᠋ᠢᠨ ᠪᠠᠶᠠᠷ ᠢ᠋ᠶ᠋ᠠᠷ ᠠᠰᠠᠷᠠᠯᠲᠤ ᠡᠵᠢ ᠳ᠋ᠡᠭᠡᠨ ᠦᠨᠦᠰᠦᠭᠦᠯᠪᠡ ᠤᠤ᠂ ᠮᠣᠰᠺᠸᠠ  ᠶ᠋ᠢᠨ ᠺᠷᠧᠮᠡᠯᠢ ᠣᠷᠳᠣᠨ ᠳ᠋ᠤ᠌ ᠡᠬᠡ ᠣᠷᠣᠨᠴᠢ ᠪᠠᠭᠠᠲᠤᠷ ᠤ᠋ᠨ ᠢᠯᠡᠳᠬᠡᠯ ᠤᠩᠰᠢᠵᠤ ᠢᠯᠠᠭᠤᠭᠴᠢ ᠶ᠋ᠢᠨ ᠵᠢᠪᠬᠤᠭ᠎ᠠ ᠪᠠᠷ ᠪᠣᠯᠵᠣᠭᠠᠲᠤ ᠬᠡᠦᠬᠡᠨ ᠳ᠋ᠡᠭᠡᠨ ᠤᠭᠲᠤᠭᠳᠠᠪᠠᠤ᠂ ᠡᠰᠡᠪᠡᠯ ᠸᠠᠲ᠋ᠨᠡᠪᠧ ᠲᠡᠢ ᠠᠪ ᠠᠳᠠᠯᠢ ᠪᠠᠷ ᠨᠣᠮᠣᠨ ᠬᠠᠨ ᠤ᠋ ᠡᠭᠡᠷᠡᠮ᠎ᠡ ᠲᠠᠯ᠎ᠠ ᠳ᠋ᠤ᠌ ᠨᠢᠴᠠᠷᠠᠨ ᠰᠢᠩᠭᠡᠭᠡᠳ ᠵᠢᠯ ᠵᠢᠯ ᠦ᠋ᠨ ᠨᠠᠷᠠ ᠰᠠᠯᠬᠢᠨ ᠳ᠋ᠤ᠌ ᠤᠷᠭᠤᠵᠤ ᠵᠤᠯᠭᠠᠷᠠᠵᠤ ᠶᠠᠪᠤᠭ᠎ᠠ ᠴᠤ᠌ ᠪᠣᠯᠪᠠ ᠤᠤ ? 
ᠶᠢᠷᠲᠢᠨᠴᠦ ᠶ᠋ᠢᠨ ᠶᠠᠭᠤᠮ᠎ᠠ ᠭᠡᠵᠦ ᠬᠡᠪᠡᠷᠡᠭ ᠲᠡᠭᠡᠨ ᠬᠦᠷᠪᠡᠯ ᠪᠣᠯᠣᠳ ᠰᠢᠷᠠᠮᠤ ᠪᠠᠷ ᠴᠢᠳᠬᠤᠵᠤ ᠦᠢᠯᠡᠳᠦᠭᠰᠡᠨ ᠵᠦᠢᠯ ᠴᠦ᠍ ᠬᠡᠮᠬᠡᠷᠡᠵᠦ ᠬᠠᠢᠯᠠᠵᠤ ᠰᠦᠢᠳᠴᠢᠬᠡᠳᠡᠭ ᠪᠠᠢᠬᠤ ᠳ᠋ᠤ᠌ ᠪᠥᠬᠡ ᠳ᠋ᠡᠭᠡᠨ ᠬᠦᠷᠪᠡᠯ ᠰᠢᠯ ᠱᠠᠭᠠᠵᠠᠩ ᠢ᠋ᠶ᠋ᠠᠷ ᠪᠦᠲᠦᠭᠰᠡᠨ ᠡᠳ᠋ ᠴᠦ᠍ ᠲᠠᠩᠺ ᠤ᠋ᠨ ᠳᠠᠭᠠᠷᠢᠯᠲᠠ᠂ ᠨᠢᠰᠬᠡᠯ ᠦ᠋ᠨ ᠳᠡᠯᠪᠡᠴᠢᠯᠲᠡ᠂ ᠫᠦᠯᠧᠮᠶᠣᠲ ᠤ᠋ᠨ ᠰᠦᠷᠴᠢᠯᠲᠡ ᠳᠤᠮᠳᠠᠭᠤᠷ ᠮᠡᠨᠳᠦ ᠪᠦᠲᠦᠨ ᠦᠯᠡᠳᠡᠴᠢᠬᠡᠬᠦ ᠶᠤᠮ ᠪᠠᠢᠨ᠎ᠠ᠃  ᠮᠦᠽᠧᠢ ᠳ᠋ᠦ᠍ ᠦᠷᠦᠭᠡᠰᠦᠲᠡᠢ ᠡᠨᠡ ᠣᠯᠠᠨ ᠰᠢᠯ ᠯᠣᠩᠬᠣ ᠨᠤᠭᠤᠳ ᠠ᠋ᠴᠠ ᠴᠣᠬᠣᠮ ᠠᠯᠢ ᠨᠢᠭᠡ ᠨᠢ ᠰᠣᠣᠾᠧ ᠶ᠋ᠢᠨ ᠡᠴᠦᠰ ᠦ᠋ᠨ ᠳᠠᠭᠠᠷᠢᠯᠲᠠ ᠳ᠋ᠤ᠌ ᠶᠠᠪᠤᠬᠤ ᠵᠠᠮ ᠳ᠋ᠠᠭᠠᠨ ᠡᠩᠨᠡᠭᠡ ᠡᠴᠡ  ᠪᠡᠨ ᠬᠤᠴᠤᠷᠠᠨ ᠯᠠᠭᠬᠢᠲᠠᠯ᠎ᠠ ᠬᠥᠰᠡᠷ ᠰᠠᠭᠤᠭᠠᠳ ᠪᠠᠯᠭᠤᠵᠤ ᠪᠠᠢᠭᠰᠠᠨ  《ᠰᠢᠳᠤᠷᠭᠤ ᠪᠠᠭᠠᠲᠤᠷ 》  ᠤ᠋ᠨ ᠯᠣᠩᠬᠣ ᠪᠣᠯᠬᠤ᠂ ᠠᠯᠢ ᠨᠢ ᠴᠣᠬᠣᠮ ᠰᠢᠲᠠᠮᠠᠬᠠᠢ ᠰᠢᠩᠭᠡᠨ ᠰᠠᠪᠠᠯᠠᠨ ᠲᠡᠰᠡᠷᠭᠦ ᠪᠥᠮᠪᠥᠭᠡ ᠶ᠋ᠢᠨ ᠣᠷᠣᠨ ᠳ᠋ᠤ᠌ ᠬᠡᠷᠡᠭᠯᠡᠬᠦ ᠪᠡᠷ ᠪᠠᠵᠠᠭᠠᠵᠤ ᠪᠠᠢᠭᠰᠠᠨ 《ᠰᠢᠯ ᠭᠠᠷᠨᠠᠲᠠ 》 ᠪᠣᠯᠬᠤ ᠶ᠋ᠢ ᠪᠢ ᠬᠡᠷᠬᠢᠨ ᠢᠯᠭᠠᠬᠤ ᠪᠢᠯᠡ ? 
ᠰᠣᠣᠾᠧ ᠪᠣᠯᠤᠨ ᠲᠡᠭᠦᠨ ᠦ᠌ ᠨᠥᠬᠥᠳ ᠦ᠋ᠨ ᠥᠭᠡᠳᠡ 《ᠶᠠᠫᠣᠨ ᠴᠡᠷᠢᠭ ᠦ᠋ᠳ ᠠ᠋᠂ᠦᠨ᠎ᠡ ᠥᠷᠲᠡᠭ ᠦᠭᠡᠢ ᠪᠠᠢᠯᠳᠤᠭᠠᠨ ᠳ᠋ᠤ᠌ ᠦᠨᠡᠰᠦ ᠪᠣᠯᠵᠤ ᠠᠷᠢᠯᠬᠤ ᠪᠠᠷ ᠢ᠋ᠶ᠋ᠠᠨ ᠵᠡᠪᠰᠡᠭ ᠢ᠋ᠶ᠋ᠡᠨ ᠬᠠᠶᠠᠭᠠᠳ ᠭᠡᠷ ᠲᠡᠭᠡᠨ ᠬᠠᠷᠢᠴᠢᠬ᠎ᠠ 》 ᠭᠡᠵᠦ ᠤᠬᠠᠭᠤᠯᠵᠤ ᠪᠠᠢᠭᠰᠠᠨ ᠷᠠᠳᠢᠣ᠋ ᠪᠣᠯᠤᠯᠲᠠᠢ ᠪᠡᠬᠢᠯᠢᠭ ᠬᠢᠴᠡᠲᠡᠢ ᠷᠠᠳᠢᠣ᠋ ᠮᠦᠽᠧᠢ ᠶ᠋ᠢᠨ ᠵᠡᠭᠦᠨ ᠤᠷᠢᠳᠤ ᠪᠤᠯᠤᠩ ᠳ᠋ᠤ᠌ ᠳᠡᠯᠭᠡᠭᠡᠰᠦᠲᠡᠢ ᠡᠨᠡ ᠷᠠᠳᠢᠣ᠋ ᠴᠢᠨᠢ ᠦᠬᠦᠯ ᠦ᠋ᠨ ᠠᠶᠤᠯ ᠰᠢᠭᠤᠷᠬᠠᠢᠯᠠᠭᠰᠠᠨ ᠨᠣᠮᠣᠨ ᠬᠠᠨ ᠤ᠋ ᠡᠭᠡᠷᠡᠮ᠎ᠡ ᠲᠠᠯ᠎ᠠ ᠳ᠋ᠤ᠌ 《ᠬᠠᠲ᠋‍ᠧᠧᠨ ᠰᠠᠳᠦ᠋ ᠣᠺᠸᠰᠠ 》 ᠭᠡᠳᠡᠭ ᠶᠠᠫᠣᠨ ᠠᠷᠠᠳ ᠤ᠋ᠨ ᠳᠠᠭᠤᠤ ᠶ᠋ᠢ ᠬᠠᠩᠭᠢᠨᠠᠭᠤᠯᠵᠤ᠂ ᠡᠬᠡ ᠣᠷᠣᠨ ᠡᠯᠢᠭᠡᠨ ᠲᠥᠷᠥᠯ ᠡᠴᠡ ᠪᠡᠨ ᠰᠠᠯᠵᠤ ᠬᠠᠷᠢ ᠶ᠋ᠢᠨ ᠨᠤᠲᠤᠭ ᠲᠤ᠌ ᠬᠠᠯᠠᠭᠤᠨ ᠴᠢᠰᠤ ᠪᠠᠨ ᠤᠷᠤᠰᠬᠠᠵᠤ ᠶᠠᠪᠤᠭ᠎ᠠ ᠶᠠᠫᠣᠨ ᠵᠠᠯᠠᠭᠤᠰ ᠤ᠋ᠨ ᠰᠡᠳᠬᠢᠯ ᠢ᠋ ᠡᠩᠰᠡᠯᠭᠡᠵᠦ ᠭᠠᠩᠰᠠᠷᠠᠭᠤᠯᠵᠤ᠂ ᠤᠶᠠᠷᠠᠭᠤᠯᠵᠤ ᠬᠠᠲᠠᠭᠤᠵᠢᠭᠤᠯᠵᠤ ᠪᠠᠢᠭᠰᠠᠨ ᠣᠷᠣᠰ ᠷᠠᠳᠢᠣ᠋ ᠶᠠᠭ ᠮᠥᠨ ᠠ᠋᠃  ᠲᠤᠬᠠᠢ ᠶ᠋ᠢᠨ ᠦᠶ᠎ᠡ ᠳ᠋ᠡᠭᠡᠨ ᠶᠠᠷᠢᠬᠤ᠂ ᠳᠠᠭᠤᠯᠠᠬᠤ ᠠ᠋ᠴᠠ ᠣᠨᠳᠣᠣ ᠶᠠᠮᠠᠷ ᠴᠤ᠌ ᠡᠭᠦᠷᠭᠡ ᠦᠭᠡᠢ ᠪᠠᠢᠭᠰᠠᠨ ᠡᠨᠡ ᠷᠠᠳᠢᠣ᠋ ᠣᠳᠣ ᠲᠠᠭ ᠳᠤᠭᠤᠢ ᠪᠣᠳᠣᠯᠭᠠᠰᠢᠷᠠᠵᠤ ᠪᠠᠢᠨ᠎ᠠ᠃  ᠡᠨᠡ ᠭᠠᠢᠬᠠᠯ ᠲᠤᠬᠠᠢ ᠶ᠋ᠢᠨ ᠵᠢᠯ ᠦ᠋ᠨ ᠶᠠᠷᠢᠭᠰᠠᠨ ᠳᠠᠭᠤᠯᠠᠭᠰᠠᠨ ᠪᠦᠭᠦᠳᠡ ᠪᠡᠨ ᠴᠡᠭᠡᠵᠢᠯᠡᠭᠰᠡᠭᠡᠷ ᠪᠠᠢᠭ᠎ᠠ ᠰᠠᠨ ᠪᠣᠯ ᠁ ᠭᠡᠵᠦ ᠪᠣᠳᠣᠬᠤ ᠵᠠᠭᠤᠷ᠎ᠠ ᠲᠡᠭᠦᠨ ᠦ᠌ ᠶᠠᠭᠤ ᠴᠤ᠌ ᠳᠤᠤᠭᠠᠷᠤᠯ ᠦᠭᠡᠢ ᠲᠦᠩᠰᠦᠢᠬᠦ ᠳ᠋ᠦ᠍ ᠨᠢ ᠭᠣᠮᠣᠳᠠᠵᠤ ᠠᠮᠵᠢᠪᠠ ᠪᠢ᠃  ᠨᠦᠰᠡᠷ ᠭᠣᠮᠣᠳᠠᠯ ᠤ᠋ᠨ ᠨᠠᠮ ᠵᠢᠮ ᠳᠤᠮᠳᠠ ᠠ᠋ᠴᠠ ᠡᠯᠢᠭᠡ ᠵᠢᠷᠦᠬᠡ ᠶ᠋ᠢ ᠮᠢᠨᠢ ᠳᠣᠭᠳᠣᠯᠤᠭᠤᠯᠤᠨ ᠤᠶᠠᠷᠠᠭᠠᠭᠴᠢ ᠨᠢᠭᠡᠨ ᠲᠤᠤᠯᠢ ᠬᠠᠩᠭᠢᠨᠠᠨ ᠣᠢᠷᠠᠲᠤᠯ᠎ᠠ᠃ 《ᠰᠤᠨᠤᠯᠵᠠᠭᠰᠠᠨ ᠤᠷᠭ᠎ᠠ ᠪᠠᠨ ᠪᠠᠷᠢᠭᠰᠠᠭᠠᠷ ᠮᠠᠨ ᠤ᠋ ᠬᠠᠷᠠᠮᠴᠢ ᠶ᠋ᠢᠨ ᠬᠢᠨ ᠰᠤᠮᠤᠨ ᠲᠥᠪ ᠳᠡᠭᠡᠷ᠎ᠡ ᠠᠳᠤᠭᠤ ᠪᠠᠨ ᠪᠠᠭᠰᠢᠷᠠᠲᠠᠯ᠎ᠠ ᠬᠤᠷᠢᠶᠠᠵᠤ ᠢᠷᠡᠯ᠎ᠡ / ᠪᠤᠷᠤᠭᠤ ᠵᠥᠪ ᠦᠭᠡᠢ ᠨᠣᠮᠣᠭᠬᠠᠨ ᠠᠯᠢ ᠬᠤᠷᠳᠤᠨ ᠬᠤᠷᠴᠠ  ᠶ᠋ᠢ ᠪᠡᠨ / ᠪᠤᠵᠠᠷ ᠳᠠᠢᠰᠤᠨ ᠨᠠᠮᠨᠠᠬᠤ ᠪᠠᠭᠠᠲᠤᠷ ᠤ᠋ᠨ ᠬᠦᠯᠦᠭ ᠪᠣᠯᠭᠠᠵᠤ ᠥᠭᠴᠡᠭᠡᠯ᠎ᠡ / ᠠᠭᠲᠠ ᠬᠥᠳᠡᠯᠦᠭᠡᠳ ᠬᠡᠳᠦᠬᠡᠨ ᠬᠣᠨᠣᠲᠠᠯ᠎ᠠ / ᠠᠬ᠎ᠠ ᠳᠡᠭᠦᠦ ᠬᠣᠶᠠᠷ ᠬᠠᠷᠠᠮᠴᠢ ᠬᠣᠶᠠᠭᠤᠯᠠ ᠪᠠᠨ ᠴᠡᠷᠢᠭ  ᠲᠦ᠍ ᠮᠣᠷᠳᠠᠭᠰᠠᠨ ᠶᠤᠮ᠁ 》 ᠭᠤᠮᠪᠤ᠋ ᠶ᠋ᠢᠨ ᠷᠠᠪᠲᠠᠨ ᠤ᠋ ᠭᠠᠢᠬᠠᠮᠰᠢᠭᠲᠤ ᠠᠪᠢᠶᠠᠰ ᠠ᠋ᠴᠠ ᠠᠮᠢᠯᠠᠨ ᠠᠰᠬᠠᠷᠠᠭᠰᠠᠨ 《ᠬᠠᠷᠠᠮᠴᠢ ᠶ᠋ᠢᠨ ᠬᠢᠨ ᠦ᠌ ᠲᠤᠤᠯᠢ 》 ᠡᠨᠳᠡ ᠳᠡᠯᠭᠡᠭᠰᠡᠨ ᠡᠪᠳᠡᠷᠬᠡᠢ ᠷᠠᠳᠢᠣ᠋ ᠶ᠋ᠢᠨ ᠪᠣᠯᠵᠣᠯᠳᠤ ᠲᠤᠰᠬᠠᠯ ᠢ᠋ᠶ᠋ᠠᠷ ᠲᠠᠷᠢᠬᠢ ᠡᠵᠡᠮᠳᠡᠬᠦ ᠨᠢ ᠡᠨᠡ ᠠᠴᠤᠭᠤ ! ᠨᠢᠰᠬᠡᠯ ᠢ᠋ᠶ᠋ᠡᠷ ᠳᠡᠯᠪᠡᠴᠢᠬᠦ ᠨᠦᠰᠡᠷ ᠳᠠᠭᠤ᠂ ᠷᠠᠳᠢᠣ᠋ ᠪᠠᠷ ᠬᠠᠩᠭᠢᠨᠠᠬᠤ ᠤᠶᠠᠷᠠᠯᠲᠤ ᠳᠠᠭᠤᠤ᠂ ᠲᠠᠷᠢᠬᠢᠨ ᠳ᠋ᠤ᠌ ᠬᠠᠳᠠᠩᠰᠢᠭᠰᠠᠨ ᠮᠣᠩᠭᠣᠯ ᠲᠤᠤᠯᠢ᠁ ᠡᠨᠡ ᠣᠯᠠᠨ ᠪᠤᠳᠤᠯᠢᠶᠠᠨᠲᠤ ᠳᠠᠭᠤ ᠨᠤᠭᠤᠳ ᠣᠶᠤᠨ ᠮᠡᠳᠡᠷᠡᠯ ᠦ᠋ᠨ ᠮᠢᠨᠢ ᠬᠠᠮᠤᠭ ᠡᠮᠵᠢᠭ ᠬᠥᠨᠳᠡᠭᠦᠷ ᠢ᠋ ᠡᠷᠢᠵᠦ ᠦᠢᠮᠡᠬᠦ ᠳ᠋ᠦ᠍ ᠨᠢᠯᠪᠤᠰᠤ ᠪᠦᠷᠬᠦᠭᠰᠡᠨ ᠬᠣᠶᠠᠷ ᠨᠢᠳᠦ ᠮᠢᠨᠢ ᠨᠢᠭᠤᠬᠤ ᠭᠠᠵᠠᠷ ᠢ᠋ᠶ᠋ᠠᠨ ᠣᠯᠵᠤ ᠶᠠᠳᠠᠨ ᠬᠡᠷᠡᠮ ᠬᠠᠨ᠎ᠠ ᠮᠦᠷᠭᠦᠯᠬᠢᠯᠡᠨ᠎ᠡ᠃  ᠬᠠᠨᠠᠨ ᠳᠡᠭᠡᠷ᠎ᠡ ᠥᠷᠭᠡᠨ ᠬᠠᠷ᠎ᠠ ᠬᠥᠮᠥᠰᠬᠡ ᠲᠡᠢ ᠵᠠᠯᠠᠭᠤ ᠴᠡᠷᠢᠭ ᠦ᠋ᠨ ᠬᠣᠣᠰ ᠬᠣᠭᠣᠯᠠᠢᠲᠦ ᠫᠦᠯᠧᠮᠶᠣᠲ ᠪᠠᠷᠢᠵᠤ ᠠᠯᠤᠰ ᠢ᠋ ᠰᠢᠷᠲᠡᠭᠰᠡᠨ ᠵᠢᠷᠤᠭ ᠢ᠋ ᠡᠯᠭᠦᠵᠦ  《ᠴᠠᠢᠵᠠ ᠪᠠᠨ ᠪᠠᠲᠤ ᠰᠠᠬᠢᠬᠤ ᠮᠣᠩᠭᠣᠯ ᠴᠡᠷᠢᠭ》 ᠭᠡᠵᠦ ᠬᠢᠲᠠᠳ ᠢ᠋ᠶ᠋ᠠᠷ ᠪᠢᠴᠢᠵᠡᠢ᠃  ᠢᠯᠡᠢ ᠬᠥᠭᠡᠷᠦᠬᠦᠢ᠂ ᠡᠨᠡ ᠴᠢᠨᠢ ᠳ᠋᠂ ᠴᠤᠤᠲᠤᠯ  ᠤ᠋ᠨ ᠶᠠᠷᠢᠭᠠᠳ ᠪᠠᠢᠳᠠᠭ ᠬᠠᠷᠠᠮᠴᠢ ᠶ᠋ᠢᠨ ᠬᠣᠶᠠᠷ ᠬᠦᠦ ᠶ᠋ᠢᠨ ᠨᠢᠭᠡᠨ ᠪᠠᠢᠨ᠎ᠠ᠃ 《᠁ ᠤᠨᠠᠬᠤ  ᠶ᠋ᠢᠨ ᠤᠴᠢᠷ ᠦᠭᠡᠢ ᠠᠭᠤᠯᠠ ᠰᠢᠭ᠋ ᠬᠣᠶᠠᠷ ᠰᠠᠢᠬᠠᠨ ᠬᠠᠷ᠎ᠠ ᠬᠦᠦ / ᠤᠷᠭᠤᠬᠤ ᠶ᠋ᠢᠨ ᠤᠯᠠᠭᠠᠨ ᠨᠠᠷᠠᠨ ᠢ᠋ᠶ᠋ᠠᠷ ᠬᠣᠶᠠᠭᠤᠯᠠ ᠪᠠᠨ ᠤᠨᠠᠭᠰᠠᠨ ᠭᠡᠳᠡᠭ ᠶᠤᠮ/ ᠬᠠᠮᠤᠭ ᠤ᠋ᠨ ᠬᠦᠨᠳᠦ ᠮᠤᠷᠴᠠ ᠳ᠋ᠤ᠌ ᠡᠬᠡ ᠣᠷᠣᠨ ᠲᠠᠨ ᠠ᠋ᠴᠠ ᠪᠠᠨ / ᠬᠠᠷᠠᠮᠴᠢ ᠶ᠋ᠢᠨ ᠬᠢᠨ ᠠᠮᠢ ᠪᠠᠨ ᠪᠠᠰᠠ ᠬᠠᠷᠠᠮᠯᠠᠭᠰᠠᠨ ᠦᠭᠡᠢ ᠠ᠋ 》᠁ 
  ᠳᠥᠷᠪᠡ
 ᠪᠢ ᠮᠦᠽᠧᠢ ᠶ᠋ᠢᠨ ᠡᠭᠦᠳᠡᠨ ᠳ᠋ᠦ᠍ ᠬᠡᠳᠦᠨ ᠭᠡᠷᠡᠯ ᠵᠢᠷᠤᠭ ᠪᠠᠭᠤᠯᠭᠠᠭᠠᠳ ᠰᠢᠷᠡᠮᠦ ᠴᠢᠷᠠᠢᠲᠤ  ᠠ᠋ᠴᠠ ᠠᠶᠠᠷᠯᠠᠪᠠ᠃  ᠲᠥᠷᠥᠯᠬᠢ ᠶ᠋ᠢᠨ ᠢᠨᠢᠶᠡᠬᠦ ᠴᠢᠳᠠᠮᠵᠢ ᠦᠭᠡᠢ ᠰᠢᠷᠠᠮᠤ ᠴᠢᠷᠠᠢᠲᠤ ᠲᠡᠭᠷᠢ ᠰᠢᠷᠲᠡᠭᠰᠡᠨ ᠬᠡᠪ ᠢ᠋ᠶ᠋ᠡᠷ ᠢ᠋ᠶ᠋ᠡᠨ ᠬᠤᠴᠣᠷᠠᠯ᠎ᠠ᠃
 ᠨᠣᠮᠣᠨ ᠬᠠᠨ ᠤ᠋ ᠲᠠᠯ᠎ᠠ ᠮᠢᠨᠢ ᠤᠵᠢᠭᠤᠷ ᠪᠠᠯᠠᠷ ᠤ᠋ᠨ ᠦᠵᠡᠰᠬᠦᠯᠡᠩ ᠭᠤᠪᠠᠢ ᠬᠡᠪ ᠢ᠋ᠶ᠋ᠡᠷ ᠢ᠋ᠶ᠋ᠡᠨ ᠯᠡ ᠪᠠᠢᠨ᠎ᠠ᠃  ᠲᠤᠬᠠᠢ ᠶ᠋ᠢᠨ ᠵᠢᠯ ᠲᠡᠭᠦᠨ ᠦ᠌ ᠳᠠᠷᠬᠠᠨ ᠲᠠᠩᠰᠤᠭ ᠪᠠᠷ᠎ᠠ ᠴᠣᠭᠴᠠ ᠳᠡᠭᠡᠷ᠎ᠡ ᠰᠢᠷᠬ᠎ᠠ ᠪᠣᠯᠤᠨ ᠰᠢᠨᠠᠯᠭᠠᠵᠤ ᠪᠠᠢᠭᠰᠠᠨ ᠬᠡᠳᠦᠨ ᠤᠯᠤᠰ ᠤ᠋ᠨ ᠵᠠᠯᠠᠭᠤᠰ ᠤ᠋ᠨ ᠰᠡᠭᠴᠢᠭᠰᠡᠨ ᠠᠮᠢ ᠬᠣᠷᠭᠣᠳᠠᠬᠤ ᠭᠣᠣ ᠰᠤᠪᠠᠭ ᠪᠠ ᠲᠠᠩᠺ ᠢ᠋ᠶ᠋ᠠᠷ ᠲᠠᠯᠬᠢᠨ ᠨᠢᠰᠬᠡᠯ ᠢ᠋ᠶ᠋ᠡᠷ ᠪᠥᠮᠪᠥᠭᠡᠳᠡᠭᠰᠡᠨ ᠨᠦᠬᠡ ᠭᠠᠩᠭ᠎ᠠ ᠨᠤᠭᠤᠳ ᠤ᠋ᠨ ᠴᠠᠭ ᠤ᠋ᠨ ᠡᠯᠡᠭᠡᠯᠲᠡ ᠳ᠋ᠦ᠍ ᠡᠳᠡᠭᠡᠷᠡᠨ᠂ ᠭᠦᠷᠪᠡᠭᠡᠷ ᠭᠦᠷᠪᠡᠭᠡᠷ ᠰᠣᠷᠪᠢ ᠪᠣᠯᠵᠤ ᠦᠯᠡᠳᠡᠭᠰᠡᠨ ᠴᠦ᠍ ᠲᠡᠭᠦᠨ ᠦ᠌ ᠤᠳᠤᠮ ᠤ᠋ᠨ ᠭᠠᠩᠭᠠᠩ ᠭᠠᠯᠪᠢᠷ ᠢ᠋ ᠡᠪᠳᠡᠵᠦ ᠴᠢᠳᠠᠭ᠎ᠠ ᠦᠭᠡᠢ᠃  ᠡᠨᠡ ᠭᠦᠷᠪᠡᠭᠡᠷ ᠰᠣᠷᠪᠢ ᠪᠠ ᠰᠣᠷᠪᠢᠨ ᠳᠡᠭᠡᠷ᠎ᠡ ᠡᠴᠡ ᠲᠡᠭᠦᠵᠦ ᠮᠦᠽᠧᠢ ᠳ᠋ᠦ᠍ ᠬᠠᠳᠠᠭᠠᠯᠠᠭᠰᠠᠨ ᠲᠡᠷᠡ ᠵᠢᠪᠡᠷᠬᠡᠢ ᠫᠤᠤ᠂ ᠬᠤᠭᠤᠷᠬᠠᠢ ᠰᠡᠯᠡᠮ᠎ᠡ᠂ ᠬᠠᠭᠠᠷᠬᠠᠢ ᠰᠢᠯ᠂ ᠠᠯᠲᠠᠨ ᠰᠢᠳᠦ᠂ ᠠᠷᠠᠰᠤᠨ ᠪᠣᠭᠴᠣ ᠪᠠᠰᠠ ᠲᠡᠷᠡ ᠰᠢᠷᠠᠮᠤ ᠴᠢᠷᠠᠢᠲᠤ ᠁ ᠪᠦᠭᠦᠳᠡᠭᠡᠷ ᠢ᠋ᠶ᠋ᠡᠨ ᠯᠡ ᠲᠡᠢᠨ ᠳᠠᠵᠢᠨ ᠤ᠋ ᠶᠠᠯ᠎ᠠ ᠨᠢᠭᠦᠯ ᠦ᠋ᠨ ᠭᠡᠷᠡᠴᠢ ᠪᠣᠯᠵᠤ᠂ ᠬᠥᠮᠦᠨ ᠪᠢᠳᠡᠨ ᠦ᠌ ᠲᠡᠦᠬᠡ ᠶ᠋ᠢᠨ ᠲᠤᠷᠰᠢᠲᠠ ᠰᠡᠷᠡᠮᠵᠢ ᠶ᠋ᠢᠨ ᠬᠣᠩᠬᠣ ᠲᠣᠬᠣᠨᠢᠭᠤᠯᠬᠤ ᠪᠣᠯᠤᠨ᠎ᠠ᠃  ᠭᠡᠯ᠎ᠡ ᠴᠦ᠍ ᠲᠡᠳᠡ ᠴᠢᠨᠢ ᠲᠡᠢᠨ ᠳᠠᠵᠢᠨ ᠤ᠋ ᠶᠠᠯ᠎ᠠ ᠬᠢᠯᠢᠨᠴᠡ ᠶ᠋ᠢᠨ ᠬᠡᠷᠡᠴᠷ ᠪᠣᠯᠵᠤ ᠴᠢᠳᠠᠬᠤ ᠠ᠋ᠴᠠ ᠪᠢᠰᠢ᠂ ᠶᠢᠷᠲᠢᠨᠴᠦ ᠶ᠋ᠢᠨ ᠴᠢᠯᠥᠭᠡᠨ ᠳ᠋ᠦ᠍ ᠥᠪᠡᠷ ᠥᠪᠡᠷ ᠦ᠋ᠨ ᠥᠩᠭᠡ ᠲᠥᠷᠬᠦ ᠪᠡᠷ ᠢᠯᠭᠠᠷᠠᠨ ᠣᠷᠣᠰᠢᠭᠴᠢ ᠣᠯᠠᠨ ᠣᠯᠠᠨ ᠦᠨᠳᠦᠰᠦᠲᠡᠨ ᠶᠠᠰᠤᠲᠠᠨ᠂ ᠥᠪᠡᠷ ᠦ᠋ᠨ ᠡᠷᠬᠡ ᠴᠢᠯᠥᠭᠡ᠂ ᠲᠤᠰᠠᠭᠠᠷ ᠲᠣᠭᠲᠠᠨᠢᠯ ᠢ᠋ᠶ᠋ᠠᠨ ᠴᠤ᠌ ᠲᠡᠢᠨ  ᠢ᠋ᠶ᠋ᠡᠷ ᠣᠯᠵᠤ ᠲᠡᠢᠨ ᠢ᠋ᠶ᠋ᠡᠷ ᠬᠠᠮᠠᠭᠠᠯᠠᠭᠰᠠᠨ ᠢ᠋ ᠦᠭᠡᠢᠰᠬᠡᠬᠦ ᠪᠠᠷᠢᠮᠲᠠ ᠪᠣᠯᠵᠤ ᠴᠢᠳᠠᠬᠤ ᠦᠭᠡᠢ ᠯᠡ ᠳᠡ! ᠪᠢ ᠲᠡᠦᠬᠡ ᠶ᠋ᠢᠨ ᠳᠤᠷᠠᠰᠤᠮᠵᠢ ᠪᠠᠷ ᠰᠡᠭᠴᠢᠭᠦᠯᠦᠭᠰᠡᠨ ᠵᠢᠷᠦᠬᠡᠨ ᠦ᠌ ᠪᠡᠨ ᠰᠢᠷᠬ᠎ᠠ ᠶ᠋ᠢ ᠣᠶᠤᠨᠴᠢ ᠲᠤᠩᠭᠠᠯᠲᠠ ᠪᠠᠷ ᠡᠮᠨᠡᠬᠦ ᠭᠡᠵᠦ ᠲᠡᠷᠭᠡᠨ ᠴᠣᠩᠬᠣ ᠪᠠᠷ ᠭᠠᠳᠠᠭᠰᠢ ᠪᠠᠷᠠᠯᠠᠵᠤ᠂ ᠪᠢᠯᠢᠭ  ᠢ᠋ ᠬᠥᠨᠳᠡᠨ ᠣᠩᠭᠣᠳ ᠪᠠᠭᠤᠯᠭᠠᠬᠤ ᠶᠠᠭᠤ ᠨᠢᠭᠡ ᠶ᠋ᠢ ᠡᠷᠢᠨ᠎ᠡ᠃  ᠨᠠᠮ ᠵᠢᠮᠬᠡᠨ ᠨᠣᠮᠣᠨ ᠬᠠᠨ ᠤ᠋ ᠲᠠᠯ᠎ᠠ ᠥᠨᠢ ᠡᠷᠲᠡ ᠶ᠋ᠢᠨ ᠦᠵᠡᠰᠬᠦᠯᠡᠩ ᠭᠤᠪᠠᠢ᠃  ᠥᠨᠢ ᠡᠷᠲᠡ ᠶ᠋ᠢᠨ ᠦᠵᠡᠰᠬᠦᠯᠡᠩ ᠭᠤᠪᠠᠢ  ᠶ᠋ᠢᠨ ᠳᠤᠮᠳᠠ 《ᠨᠣᠮᠣᠨ ᠬᠠᠨ ᠤ᠋ ᠮᠦᠽᠧᠢ 》 ᠲᠡᠢᠨ ᠬᠡᠮᠡᠭᠴᠢ ᠶ᠋ᠢ ᠠᠷᠴᠢᠨ ᠮᠠᠷᠲᠠᠭᠤᠯᠬᠤ ᠭᠡᠰᠡᠨ ᠰᠢᠭ ᠨᠦᠰᠡᠷ ᠳᠤᠭᠤᠢ !
  ᠢᠷᠡᠯᠲᠡ ᠄ ᠰᠦᠯᠵᠢᠶ᠎ᠡ 2011 ᠣᠨ 
  ᠦᠰᠦᠭ ᠠᠮᠢᠯᠠᠭᠤᠯᠤᠭᠰᠠᠨ ᠨᠢ ᠄ ᠭᠠᠸᠠ 
  ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠂
  ᠵᠣᠬᠢᠶᠠᠭᠴᠢ ᠶ᠋ᠢᠨ ᠨᠡᠷ᠎ᠡ ᠶ᠋ᠢ ᠮᠡᠳᠡᠪᠡᠯ ᠨᠥᠬᠥᠪᠥᠷᠢᠯᠡᠬᠦ ᠪᠣᠯᠪᠠ ᠤᠤ