ᠡᠵᠢ ᠶ᠋ᠢᠨ ᠮᠢᠨᠢ ᠣᠶᠣᠭᠰᠠᠨ ᠳᠡᠪᠡᠯ-ᠡᠷᠬᠢᠮᠪᠡᠬᠢЭэжийн минь оёсон давла-Эрхэмбэх
ᠡᠵᠢ ᠶ᠋ᠢᠨ ᠮᠢᠨᠢ ᠣᠶᠣᠭᠰᠠᠨ ᠳᠡᠪᠡᠯ
ᠡᠷᠬᠢᠮᠪᠡᠬᠢ
ᠡᠵᠢ ᠶ᠋ᠢᠨ ᠮᠢᠨᠢ ᠣᠶᠣᠭᠰᠠᠨ ᠳᠡᠪᠡᠯ
ᠡᠩᠭᠡᠷ ᠨᠢ ᠵᠥᠭᠡᠯᠡᠨ ᠳᠣᠲᠣᠷ ᠲᠠᠢ
ᠡᠵᠢ ᠶ᠋ᠢᠨ ᠮᠢᠨᠢ ᠣᠶᠣᠭᠰᠠᠨ ᠳᠡᠪᠡᠯ
ᠡᠮᠵᠢᠶᠡᠷᠢ ᠨᠢ ᠥᠯᠵᠡᠢ ᠤᠲᠠᠰᠤ ᠲᠠᠢ
ᠡᠵᠢ ᠶ᠋ᠢᠨ ᠮᠢᠨᠢ ᠣᠶᠣᠭᠰᠠᠨ ᠳᠡᠪᠡᠯ
ᠡᠷᠬᠢᠮᠰᠦᠭ ᠲᠣᠷᠭᠠᠨ ᠭᠠᠳᠠᠷ ᠲᠠᠢ
ᠡᠵᠢ ᠶ᠋ᠢᠨ ᠮᠢᠨᠢ ᠣᠶᠣᠭᠰᠠᠨ ᠳᠡᠪᠡᠯ
ᠡᠷᠳᠡᠨᠢ ᠶ᠋ᠢᠨ ᠮᠥᠩᠭᠥᠨ ᠲᠣᠪᠴᠢ ᠲᠠᠢ
ᠡᠨᠡ ᠳᠡᠪᠡᠯ ᠳ᠋ᠦ᠍ ᠪᠡᠨ ᠪᠢ ᠬᠠᠢᠷᠠᠲᠠᠢ
ᠡᠨᠡ ᠳᠡᠪᠡᠯ ᠢ᠋ᠶ᠋ᠡᠨ ᠪᠢ ᠡᠮᠦᠰᠬᠦ ᠳᠤᠷᠠᠲᠠᠢ
ᠡᠨᠡ ᠳᠡᠪᠡᠯ ᠨᠠᠳᠠ ᠳ᠋ᠤ᠌ ᠤᠬᠠᠭᠠᠨ ᠣᠷᠣᠭᠤᠯᠤᠭᠰᠠᠨ
ᠡᠨᠡ ᠳᠡᠪᠡᠯ ᠨᠠᠳᠠ ᠳ᠋ᠤ᠌ ᠵᠢᠭᠦᠷ ᠤᠷᠭᠤᠭᠤᠯᠤᠭᠰᠠᠨ ᠠ᠋
ᠡᠵᠢ ᠶ᠋ᠢᠨ ᠮᠢᠨᠢ ᠣᠶᠣᠭᠰᠠᠨ ᠳᠡᠪᠡᠯ
ᠤᠷᠢᠳᠤ ᠬᠣᠷᠮᠣᠢ ᠨᠢ ᠤᠨᠠᠭ᠎ᠠ ᠳᠠᠭ᠎ᠠ ᠲᠠᠢ
ᠡᠵᠢ ᠶ᠋ᠢᠨ ᠮᠢᠨᠢ ᠣᠶᠣᠭᠰᠠᠨ ᠳᠡᠪᠡᠯ
ᠬᠣᠢᠲᠤ ᠬᠣᠷᠮᠣᠢ ᠨᠢ ᠬᠤᠷᠠᠭ᠎ᠠ ᠢᠰᠢᠭᠡ ᠲᠡᠢ
ᠡᠵᠢ ᠶ᠋ᠢᠨ ᠮᠢᠨᠢ ᠣᠶᠣᠭᠰᠠᠨ ᠳᠡᠪᠡᠯ
ᠠᠩᠭᠢᠷ ᠤᠭᠤᠷᠠᠭ ᠤ᠋ᠨ ᠠᠩᠬᠢᠯᠤᠮ᠎ᠠ ᠦᠨᠦᠷ ᠲᠡᠢ
ᠡᠵᠢ ᠶ᠋ᠢᠨ ᠮᠢᠨᠢ ᠣᠶᠣᠭᠰᠠᠨ ᠳᠡᠪᠡᠯ
ᠠᠯᠲᠠᠨ ᠳᠡᠯᠡᠬᠡᠢ ᠶ᠋ᠢᠨ ᠪᠦᠪᠡᠢ ᠶ᠋ᠢᠨ ᠳᠠᠭᠤᠤ ᠲᠠᠢ
ᠡᠨᠡ ᠳᠡᠪᠡᠯ ᠳ᠋ᠦ᠍ ᠪᠡᠨ ᠪᠢ ᠬᠠᠢᠷᠠᠲᠠᠢ
ᠡᠨᠡ ᠳᠡᠪᠡᠯ ᠢ᠋ᠶ᠋ᠡᠨ ᠪᠢ ᠡᠮᠦᠰᠬᠦ ᠳᠤᠷᠠᠲᠠᠢ
ᠡᠨᠡ ᠳᠡᠪᠡᠯ ᠨᠠᠳᠠ ᠳ᠋ᠤ᠌ ᠤᠬᠠᠭᠠᠨ ᠣᠷᠣᠭᠤᠯᠤᠭᠰᠠᠨ
ᠡᠨᠡ ᠳᠡᠪᠡᠯ ᠨᠠᠳᠠ ᠳ᠋ᠤ᠌ ᠵᠢᠭᠦᠷ ᠤᠷᠭᠤᠭᠤᠯᠤᠭᠰᠠᠨ ᠠ᠋
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
