1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠨᠵᠢᠳᠮ᠎ᠠ -ᠠᠮᠢᠨ ᠬᠠᠮᠲᠤᠯᠢᠭСүнжидмаа-Амин Хамтлаг

ᠰᠡᠨᠵᠢᠳᠮ᠎ᠠ -ᠠᠮᠢᠨ ᠬᠠᠮᠲᠤᠯᠢᠭСүнжидмаа-Амин Хамтлаг

2025-04-04

1350

ᠰᠡᠨᠵᠢᠳᠮ᠎ᠠ

       ᠣᠷᠳᠣᠰ ᠠᠷᠠᠳ᠎ ᠦᠨ ᠳᠠᠭᠤᠤ 
          ᠳᠠᠭᠤᠴᠢᠨ᠄ ᠠᠮᠢᠨ ᠬᠠᠮᠲᠤᠯᠢᠭ 
* ᠭᠦᠨ (ᠴᠦ᠍) ᠳᠠᠯᠠᠢ ᠶ᠋ᠢᠨ ᠤᠰᠤᠨ ᠠ᠋ᠴᠠ ᠪᠠᠨ ᠲᠤᠩᠭᠠᠯᠠᠭ ᠲᠥᠷᠥᠭᠰᠡᠨ ᠶᠦ᠍ᠮ ᠡ ᠬᠥ᠂ 
ᠬᠦᠢ ᠬᠤᠸᠠᠷ ( ᠶᠣ᠌ ᠯᠠ ) ᠴᠡᠴᠡᠭ ᠡᠴᠡ ᠪᠡᠨ ᠥᠩᠭᠡᠲᠡᠢ ᠲᠥᠷᠥᠭᠰᠡᠨ ᠶᠦ᠍ᠮ ᠡ ᠬᠥ᠂
ᠭᠦᠨ(ᠴᠦ᠍) ᠮᠡᠷᠭᠡᠨ ᠤᠬᠠᠭᠠᠨ ᠢ᠋ ᠴᠢᠨᠢ ᠪᠤᠳᠤᠬᠤᠯᠠᠷᠠᠨ᠂ ᠠᠢ ᠬᠥ ᠰᠡᠨᠵᠢᠳᠮ᠎ᠠ᠂
ᠭᠦᠶᠦᠵᠦ ᠪᠠᠢᠭᠠᠳ ᠥᠲᠡᠯᠪᠡᠴᠦ ᠭᠣᠮᠣᠳᠠᠯ ᠶᠡᠷᠦ ᠳ᠋ᠦ᠍ ᠪᠡᠨ ᠦᠭᠡᠢ᠃
ᠠᠢ ᠬᠥ ᠶᠠᠭᠤ ( ᠯᠠ ) ᠭᠡᠭᠴᠢ ᠶ᠋ᠢᠨ ᠦᠢᠯᠡᠷᠲᠡᠢ ᠰᠡᠨᠵᠢᠳᠮ᠎ᠠ᠃
※(ᠪᠠᠰᠠ: ᠭᠦᠨ ᠳᠠᠯᠠᠢ ᠶ᠋ᠢᠨ ᠣᠰᠣᠨ ᠠ᠋ᠴᠠ ᠲᠤᠩᠭᠠᠯᠠᠭ ᠲᠥᠷᠥᠭᠰᠡᠨ ᠶᠦ᠍ᠮ ᠳ᠋ᠣᠣ
ᠬᠦᠢ ᠬᠤᠸᠠᠷ ᠴᠡᠴᠡᠭ ᠡᠴᠡ ᠢᠯᠠᠩᠭᠤᠢ ᠲᠥᠷᠥᠭᠰᠡᠨ ᠶᠦ᠍ᠮ ᠳ᠋ᠣᠣ᠂ 
ᠭᠦᠨ (ᠴᠦ᠍ ) ᠪᠢᠯᠢᠭ ᠤᠬᠠᠭ᠎ᠠ ᠶ᠋ᠢ ᠴᠢᠨᠢ ᠪᠣᠳᠤᠬᠤᠯᠠᠵᠢᠨ᠂ ᠠᠢ ᠬᠥ ᠰᠡᠨᠵᠢᠳᠮ᠎ᠠ  
ᠭᠦᠶᠦᠵᠦ ᠶᠠᠪᠤᠭᠠᠳ ᠦᠬᠦᠪᠡᠴᠦ ᠭᠣᠮᠣᠳᠠᠯ ᠦᠭᠡᠢ ᠳ᠋ᠣᠣ᠃)
(ᠳᠠᠬᠢᠯᠲᠠ)
ᠠᠭᠠᠷᠤ ᠽᠠᠨᠳᠠᠨ ᠮᠣᠳᠣᠨ ᠠ᠋ᠴᠠ ᠪᠠᠨ ᠭᠣᠶᠣᠬᠠᠨ ᠲᠥᠷᠥᠭᠰᠡᠨ ᠶᠦ᠍ᠮ ᠡ ᠬᠥ᠂ 
ᠠᠷᠴᠠᠨ ᠤ᠋ ᠪᠠᠨ ᠦᠨᠦᠷ ᠡᠴᠡ ᠪᠡᠨ ᠠᠷᠢᠭᠤᠨ ᠲᠥᠷᠥᠭᠰᠡᠨ ᠶᠦ᠍ᠮ ᠡ ᠬᠥ᠂
ᠠᠮᠠᠷᠠᠭ ᠬᠥᠭᠡᠷᠦᠬᠦᠨ ᠰᠡᠨᠵᠢᠳᠮ᠎ᠠ  ᠪᠠᠨ ᠪᠣᠳᠤᠬᠤᠯᠠᠷ᠂ ᠠᠢ ᠬᠥ ᠰᠡᠨᠵᠢᠳᠮ᠎ᠠ᠂ 
ᠠᠭᠤᠯᠵᠠᠵᠤ ᠰᠠᠭᠤᠭᠠᠳ ᠬᠡᠯᠡᠯᠴᠡᠬᠦ ᠶ᠋ᠢᠨ ᠢᠷᠦᠭᠡᠯ ᠪᠠᠢᠨ᠎ᠠ ᠤᠤ ᠳ᠋ᠣᠣ᠃
(ᠳᠠᠬᠢᠯᠲᠠ)
ᠠᠷᠤ (ᠴᠤ᠌) ᠪᠤᠯᠠᠭ ᠤ᠋ᠨ ᠤᠰᠤᠨ ᠠ᠋ᠴᠠ ᠪᠠᠨ ᠲᠤᠩᠭᠠᠯᠠᠭ ᠲᠥᠷᠥᠭᠰᠡᠨ ᠶᠦ᠍ᠮ ᠡ ᠬᠥ 
ᠠᠯᠲᠠᠨ ᠬᠤᠸᠠᠷ ᠴᠡᠴᠡᠭ ᠡᠴᠡ ᠪᠡᠨ ᠰᠡᠷᠭᠦᠯᠡᠩ ᠲᠥᠷᠥᠭᠰᠡᠨ ᠶᠦ᠍ᠮ ᠡ ᠬᠥ᠃
ᠠᠯᠠᠭ ᠬᠣᠩᠭᠣᠷ ᠰᠡᠨᠵᠢᠳᠮ᠎ᠠ  ᠲᠠᠢ ᠪᠠᠨ ᠵᠣᠯᠭᠠᠴᠢᠬᠠᠪᠠᠯ ᠳ᠋ᠣᠣ᠂ ᠠᠢ ᠬᠥ ᠰᠡᠨᠵᠢᠳᠮ᠎ᠠ 
ᠠᠪᠴᠤ ᠶᠠᠪᠤᠭᠠᠳ ᠦᠬᠦᠪᠡᠴᠦ ᠭᠣᠮᠣᠳᠠᠯ ᠶᠡᠷᠦ ᠳ᠋ᠦ᠍ ᠪᠡᠨ ᠦᠭᠡᠢ᠃
( ᠳᠠᠬᠢᠯᠲᠠ)