ᠵᠠᠯᠬᠠᠭᠤ ᠥᠬᠢᠨ ᠪᠠ ᠠᠵᠢᠯᠰᠠᠭ ᠥᠬᠢᠨЗалхуу охин ба ажилсаг охин ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠬᠠᠭᠤ ᠥᠬᠢᠨ ᠪᠠ ᠠᠵᠢᠯᠰᠠᠭ ᠥᠬᠢᠨЗалхуу охин ба ажилсаг охин

ᠵᠠᠯᠬᠠᠭᠤ ᠥᠬᠢᠨ ᠪᠠ ᠠᠵᠢᠯᠰᠠᠭ ᠥᠬᠢᠨЗалхуу охин ба ажилсаг охин

2025-04-04

1236

ᠵᠠᠯᠬᠠᠭᠤ ᠥᠬᠢᠨ ᠪᠠ ᠠᠵᠢᠯᠰᠠᠭ ᠥᠬᠢᠨ

ᠲᠣᠰᠬᠣᠨ ᠠ᠋ᠴᠠ ᠵᠠᠢᠳᠠᠭᠤ ᠨᠢᠭᠡᠨ ᠵᠢᠵᠢᠭ ᠪᠠᠢᠰᠢᠩ ᠳ᠋ᠤ᠌ ᠡᠬᠡᠨᠡᠷ ᠨᠥᠬᠥᠷ ᠬᠣᠶᠠᠷ ᠠᠮᠢᠳᠤᠷᠠᠨ ᠰᠠᠭᠤᠳᠠᠭ ᠪᠠᠢᠵᠠᠢ᠃ ᠲᠡᠳᠡ ᠠᠯᠢ ᠠᠯᠢᠨ ᠨᠢ ᠡᠮᠦᠨ᠎ᠡ ᠨᠢ ᠬᠥᠮᠦᠨ ᠲᠡᠢ ᠰᠠᠭᠤᠵᠤ ᠨᠢᠭᠡ ᠨᠢᠭᠡ ᠥᠬᠢᠨ ᠲᠡᠢ ᠪᠣᠯᠤᠭᠰᠠᠨ ᠪᠠᠢᠵᠠᠢ᠃ ᠭᠡᠷ ᠦ᠋ᠨ ᠡᠵᠡᠭᠲᠡᠢ ᠥᠬᠢᠨ ᠳ᠋ᠦ᠍ ᠪᠡᠨ ᠮᠠᠰᠢ ᠶᠡᠬᠡ ᠬᠠᠢᠷᠠᠲᠠᠢ ᠪᠠᠢᠯ᠎ᠠ᠃ ᠥᠬᠢᠨ ᠳ᠋ᠦ᠍ ᠪᠡᠨ ᠰᠢᠨ᠎ᠡ ᠬᠤᠪᠴᠠᠰᠤ ᠥᠭᠴᠦ ᠂ ᠮᠥᠨ ᠭᠡᠷ ᠦ᠋ᠨ ᠠᠵᠢᠯ ᠬᠢ ᠭᠡᠵᠦ ᠣᠭᠲᠣᠬᠠᠨ ᠴᠤ᠌ ᠱᠠᠭᠠᠷᠳᠠᠳᠠᠭ ᠦᠭᠡᠢ ᠪᠠᠢᠯ᠎ᠠ᠃ ᠡᠭᠦᠨ ᠡᠴᠡ ᠪᠣᠯᠵᠤ ᠥᠬᠢᠨ ᠨᠢ ᠮᠠᠰᠢ ᠵᠠᠯᠬᠠᠭᠤ ᠪᠣᠯᠵᠠᠢ ᠭᠡᠨ᠎ᠡ᠃ ᠡᠳᠦᠷᠵᠢᠨ ᠥᠪᠡᠷ ᠢ᠋ ᠪᠡᠨ ᠲᠣᠯᠢᠳᠠᠵᠤ ᠰᠠᠭᠤᠬᠤ ᠠ᠋ᠴᠠ ᠥᠭᠡᠷ᠎ᠡ ᠵᠦᠢᠯ ᠬᠢᠳᠡᠭ ᠦᠭᠡᠢ ᠪᠠᠢᠯ᠎ᠠ᠃ ᠬᠠᠷᠢᠨ ᠡᠰᠡᠷᠭᠦ ᠪᠡᠷ ᠨᠢ ᠭᠡᠷ ᠦ᠋ᠨ ᠡᠵᠡᠭᠲᠡᠢ ᠳᠠᠭᠠᠪᠤᠷᠢ ᠥᠬᠢᠨ ᠳ᠋ᠦ᠍ ᠪᠡᠨ ᠮᠠᠰᠢ ᠮᠠᠭᠤ ᠬᠠᠨᠳᠤᠳᠠᠭ ᠪᠠᠢᠪᠠ᠃《ᠴᠢ ᠶᠠᠭᠠᠬᠢᠭᠠᠳ ᠡᠨᠳᠡ ᠰᠠᠭᠤᠭᠠᠳ ᠪᠠᠢᠭ᠎ᠠ ᠶᠤᠮ᠂ ᠪᠣᠰᠤᠭᠠᠳ ᠭᠡᠷ ᠣᠷᠣᠨ ᠢ᠋ᠶ᠋ᠠᠨ ᠴᠡᠪᠡᠷᠯᠡᠭᠡᠳ ᠲᠡᠭᠡ》᠃《ᠭᠡᠬᠦ ᠳ᠋ᠦ᠍ ᠪᠡᠨ ᠡᠵᠢ ᠠ᠋᠂ ᠪᠢ ᠥᠷᠯᠥᠭᠡ ᠭᠡᠷ ᠢ᠋ᠶ᠋ᠡᠨ ᠴᠡᠪᠡᠷᠯᠡᠭᠰᠡᠨ ᠰᠢᠦ ᠳᠡ》᠃《ᠮᠠᠷᠭᠤᠯᠳᠤᠬᠤ ᠭᠡᠰᠡᠨ ᠦ᠌ ᠬᠡᠷᠡᠭ ᠦᠭᠡᠢ ᠰᠢᠦ᠂ ᠮᠢᠨᠦ ᠬᠡᠯᠡᠭᠰᠡᠨ ᠢ᠋ᠶ᠋ᠡᠷ ᠬᠢ》᠃《ᠵᠠ᠂ᠡᠵᠢ ᠠ᠋》᠃ᠭᠡᠷ ᠦ᠋ᠨ ᠡᠵᠡᠭᠲᠡᠢ ᠪᠦᠬᠦ ᠠᠵᠢᠯ ᠢ᠋ᠶ᠋ᠠᠨ ᠬᠢᠯᠭᠡᠳᠡᠭ ᠪᠠᠢᠭᠰᠠᠨ ᠴᠤ᠌ ᠳᠠᠭᠠᠪᠤᠷᠢ ᠥᠬᠢᠨ ᠨᠢᠭᠡ ᠴᠦ᠍ ᠤᠳᠠᠭ᠎ᠠ ᠭᠣᠮᠣᠳᠠᠵᠤ ᠪᠠᠢᠭ᠎ᠠ ᠦᠭᠡᠢ᠂ ᠡᠳᠦᠷ ᠪᠦᠷᠢ ᠨᠢᠭᠡ ᠠᠵᠢᠯ ᠢ᠋ᠶ᠋ᠠᠨ ᠠᠬᠢᠨ ᠳᠠᠬᠢᠨ ᠬᠢᠳᠡᠭ ᠪᠠᠢᠭᠰᠠᠨ ᠴᠤ᠌ ᠣᠭᠲᠣᠬᠠᠨ ᠴᠤ᠌ ᠵᠠᠯᠬᠠᠭᠤᠷᠠᠳᠠᠭ ᠦᠭᠡᠢ ᠪᠠᠢᠯ᠎ᠠ ᠃
ᠠᠪᠤ ᠨᠢ ᠡᠨᠡ ᠪᠦᠬᠦᠨ ᠢ᠋ ᠬᠠᠷᠠᠵᠤ ᠪᠠᠢᠯ᠎ᠠ᠃ ᠥᠬᠢᠨ ᠢ᠋ᠶ᠋ᠡᠨ ᠬᠠᠷᠠᠭᠠᠳ ᠵᠢᠷᠦᠬᠡ ᠨᠢ ᠡᠮᠲᠡᠷᠡᠳᠡᠭ ᠪᠠᠢᠭᠰᠠᠨ ᠴᠤ᠌ ᠶᠠᠭᠤ ᠴᠤ᠌ ᠬᠢᠵᠦ ᠴᠢᠳᠠᠳᠠᠭ ᠦᠭᠡᠢ ᠪᠠᠢᠪᠠ᠃ ᠴᠠᠭ ᠬᠤᠭᠤᠴᠠᠭ᠎ᠠ ᠥᠩᠭᠡᠷᠡᠬᠦ ᠶ᠋ᠢᠨ ᠬᠢᠷᠢ ᠪᠡᠷ ᠠᠪᠤ ᠶ᠋ᠢᠨ ᠬᠢᠨᠢ ᠪᠡᠶ᠎ᠡ ᠪᠠᠭ᠎ᠠ ᠪᠠᠭ᠎ᠠ ᠪᠠᠷ ᠮᠠᠭᠤᠳᠠᠵᠤ ᠪᠠᠢᠯ᠎ᠠ᠃
ᠡᠪᠦᠭᠡᠨ᠄ ᠬᠠᠢᠷᠠᠲᠤ ᠥᠬᠢᠨ ᠮᠢᠨᠢ ᠨᠠᠮ᠎ᠠ ᠶ᠋ᠢ ᠦᠨᠡᠬᠡᠷ ᠠᠭᠤᠴᠢᠯᠠᠭᠠᠷᠠᠢ ᠂ ᠪᠢ ᠴᠢᠮ᠎ᠠ ᠳ᠋ᠤ᠌ ᠶᠠᠭᠤ ᠴᠤ᠌ ᠥᠭᠴᠦ ᠴᠢᠳᠠᠬᠤ ᠦᠭᠡᠢ ᠨᠢ ᠠ᠋᠃
ᠥᠬᠢᠨ᠄ ᠵᠦᠭᠡᠷ ᠳᠡ ᠠᠪᠤ ᠠ᠋᠂ ᠠᠭᠤᠴᠢᠯᠠᠯᠲᠠ ᠭᠤᠶᠤᠬᠤ ᠬᠡᠷᠡᠭ ᠦᠭᠡᠢ᠂ ᠲᠠ ᠡᠳᠦᠢ ᠬᠦᠷᠲᠡᠯ᠎ᠡ ᠨᠠᠮ᠎ᠠ ᠶ᠋ᠢ ᠬᠠᠷᠠᠵᠤ ᠬᠠᠨᠳᠤᠵᠤ ᠪᠠᠢᠭᠰᠠᠨ ᠰᠢᠦ ᠳᠡ᠂ ᠬᠠᠷᠢᠨ ᠪᠢ ᠣᠳᠣ ᠲᠠᠨ ᠢ᠋ ᠬᠠᠷᠠᠵᠤ ᠬᠠᠨᠳᠤᠬᠤ ᠴᠠᠭ ᠢᠷᠡᠭᠰᠡᠨ᠂ ᠪᠢ ᠠᠵᠢᠯ ᠬᠢᠵᠦ ᠶᠡᠬᠡ ᠮᠥᠩᠭᠥ ᠣᠯᠬᠤ ᠪᠣᠯᠤᠨ᠎ᠠ᠂ ᠪᠢᠳᠡᠨ ᠳ᠋ᠦ᠍ ᠬᠦᠨᠳᠦ ᠦᠶ᠎ᠡ ᠢᠷᠡᠭᠡᠳ ᠪᠠᠢᠨ᠎ᠠ᠂ ᠤᠳᠠᠬᠤ ᠦᠭᠡᠢ ᠪᠦᠬᠦ ᠵᠦᠢᠯ ᠰᠠᠢᠬᠠᠨ ᠪᠣᠯᠤᠨ᠎ᠠ᠃
ᠭᠡᠷ ᠦ᠋ᠨ ᠡᠵᠡᠭᠲᠡᠢ ᠲᠡᠳᠡᠨ ᠦ᠌ ᠶᠠᠷᠢᠬᠤ ᠶ᠋ᠢ ᠴᠢᠮᠡᠭᠡ ᠦᠭᠡᠢ ᠰᠣᠨᠣᠰᠴᠤ ᠪᠠᠢᠯ᠎ᠠ᠃ ᠪᠢ ᠶᠠᠭᠠᠬᠢᠭᠠᠳ ᠡᠨᠡ ᠲᠠᠯ᠎ᠠ ᠪᠠᠷ ᠪᠣᠳᠣᠭ᠎ᠠ ᠦᠭᠡᠢ ᠶᠤᠮ ᠪᠣᠯ ᠠ᠋᠃ ᠪᠢ ᠲᠡᠭᠦᠨ ᠢ᠋ ᠪᠠᠶᠠᠨ ᠠᠢᠯ ᠤᠷᠤᠭᠤ ᠶᠠᠪᠤᠭᠤᠯᠵᠤ ᠠᠵᠢᠯ ᠬᠢᠯᠭᠡᠬᠦ ᠬᠡᠷᠡᠭ ᠲᠡᠢ᠂ ᠪᠢ ᠲᠡᠭᠦᠨ ᠢ᠋ ᠮᠥᠩᠭᠥ ᠣᠯᠣᠭᠤᠯᠬᠤ ᠪᠠᠷ ᠭᠡᠷ ᠡᠴᠡ ᠪᠡᠨ ᠶᠠᠪᠤᠭᠤᠯᠤᠨ᠎ᠠ᠂ ᠣᠯᠤᠭᠰᠠᠨ ᠪᠦᠬᠦ ᠮᠥᠩᠭᠥ ᠨᠢ ᠮᠢᠨᠦᠬᠢ ᠪᠣᠯᠬᠤ ᠪᠣᠯᠤᠨ᠎ᠠ᠃ ᠬᠠ ᠬᠠ᠂ ᠲᠡᠭᠡᠪᠡᠯ ᠥᠬᠢᠨ ᠪᠢᠳᠡ ᠬᠣᠶᠠᠭᠤᠯᠠ ᠦᠷᠭᠦᠯᠵᠢ ᠬᠦᠰᠡᠵᠦ ᠪᠠᠢᠭᠰᠠᠨ ᠠᠮᠢᠳᠤᠷᠠᠯ ᠢ᠋ᠶ᠋ᠠᠷ ᠢ᠋ᠶ᠋ᠠᠨ ᠠᠮᠢᠳᠤᠷᠠᠨ᠎ᠠ ᠭᠡᠰᠡᠨ ᠦᠭᠡ᠃
ᠥᠬᠢᠨ᠄ᠴᠢᠨᠦ ᠵᠥᠪ ᠠ᠋᠃
ᠡᠮᠡᠭᠡᠨ᠄ ᠠᠪᠤ ᠶ᠋ᠢᠨ ᠴᠢᠨᠢ ᠪᠡᠶ᠎ᠡ ᠶᠡᠬᠡ ᠮᠠᠭᠤ ᠪᠠᠢᠨ᠎ᠠ᠂ ᠪᠠᠰᠠ ᠪᠤᠰᠤᠳ ᠵᠠᠷᠤᠳᠠᠯ ᠨᠤᠭᠤᠳ ᠭᠠᠷᠬᠤ ᠨᠢ ᠳᠠᠮᠵᠢᠭ ᠦᠭᠡᠢ᠂ ᠴᠢ ᠪᠠᠶᠠᠨ ᠠᠢᠯ ᠤ᠋ᠨ ᠳ᠋ᠤ᠌ ᠣᠴᠢᠵᠤ ᠠᠵᠢᠯ ᠬᠢᠬᠦ ᠬᠡᠷᠡᠭᠲᠡᠢ ᠂ ᠴᠢ ᠰᠠᠢᠨ ᠭᠡᠷ ᠦ᠋ᠨ ᠦᠢᠯᠡᠴᠢᠯᠡᠭᠴᠢ ᠪᠠᠢᠵᠤ ᠴᠢᠳᠠᠨ᠎ᠠ᠃
ᠡᠪᠦᠭᠡᠨ᠄ ᠴᠢ ᠶᠠᠭᠠᠬᠢᠵᠤ ᠢᠩᠭᠢᠵᠦ ᠬᠡᠯᠡᠵᠦ ᠴᠢᠳᠠᠪᠠ? ᠴᠢ ᠶᠠᠭᠠᠬᠢᠭᠠᠳ ᠥᠪᠡᠷ ᠦ᠋ᠨ ᠢ᠋ᠶ᠋ᠡᠨ ᠥᠬᠢᠨ ᠢ᠋ ᠶᠠᠪᠤᠭᠤᠯᠬᠤ ᠦᠭᠡᠢ ᠪᠠᠢᠭ᠎ᠠ ᠶᠤᠮ?
ᠡᠮᠡᠭᠡᠨ᠄ ᠶᠠᠪᠤᠭᠤᠯᠵᠤ ᠪᠣᠯᠤᠨ᠎ᠠ᠂ ᠭᠡᠬᠦ ᠳ᠋ᠦ᠍ ᠪᠡᠨ ᠥᠬᠢᠨ ᠮᠢᠨᠢ ᠲᠣᠯᠢᠭᠠᠷ ᠭᠠᠷ᠂ ᠵᠢᠵᠢᠭᠬᠡᠨ ᠬᠥᠯ ᠳ᠋ᠦ᠍ ᠪᠡᠨ ᠦᠷᠭᠦᠯᠵᠢ ᠠᠩᠬᠠᠷᠤᠯ ᠲᠠᠯᠪᠢᠳᠠᠭ᠂ ᠠᠵᠢᠯ ᠬᠢᠪᠡᠯ ᠭᠤᠸ᠎ᠠ ᠦᠵᠡᠰᠬᠦᠯᠡᠩ ᠨᠢ ᠦᠭᠡᠢ ᠪᠣᠯᠤᠨ᠎ᠠ ᠰᠢᠦ ᠳᠡ᠃ ᠬᠠᠷᠢᠨ ᠴᠢᠨᠦ ᠥᠬᠢᠨ ᠲᠡᠢᠮᠦ ᠴᠦ᠍ ᠬᠥᠭᠡᠷᠦᠬᠦᠨ ᠪᠢᠰᠢ ᠰᠢᠦ ᠳᠡ᠂ ᠠᠵᠢᠯ ᠬᠢᠯ᠎ᠡ ᠭᠡᠳ ᠲᠡᠭᠦᠨ ᠦ᠌ ᠭᠠᠳᠠᠷ ᠲᠥᠷᠬᠦ ᠣᠭᠲᠣᠬᠠᠨ ᠴᠤ᠌ ᠥᠭᠡᠷᠡᠴᠢᠯᠡᠭᠳᠡᠬᠦ ᠦᠭᠡᠢ᠂ ᠬᠠ ᠁ ᠪᠢᠳᠡ ᠰᠠᠨᠠᠯ ᠨᠢᠭᠡᠳᠦᠭᠰᠡᠨ ᠪᠢᠵᠡ ᠳᠡ᠂ ᠮᠠᠷᠭᠠᠰᠢ ᠥᠷᠯᠥᠭᠡ ᠴᠢ ᠪᠠᠶᠠᠨ ᠠᠢᠯ ᠣᠯᠵᠤ ᠠᠵᠢᠯ ᠬᠢᠬᠦ ᠪᠡᠷ ᠡᠨᠳᠡ ᠡᠴᠡ ᠶᠠᠪᠤᠨ᠎ᠠ ᠰᠢᠦ᠃
ᠡᠪᠦᠭᠡᠨ᠄ᠶᠠᠭᠠᠬᠢᠳᠠᠭ ᠪᠢᠯᠡ? ᠲᠡᠷᠡ ᠭᠤᠸ᠎ᠠ ᠦᠵᠡᠰᠬᠦᠯᠡᠩ ᠦ᠋ᠨ ᠲᠠᠯ᠎ᠠ ᠪᠠᠷ ᠶᠠᠭᠤ ᠴᠤ᠌ ᠮᠡᠳᠡᠬᠦ ᠦᠭᠡᠢ᠂ ᠴᠢ ᠠᠵᠢᠯ ᠬᠢᠬᠦ ᠬᠡᠷᠡᠭ ᠦᠭᠡᠢ ᠥᠬᠢᠨ ᠮᠢᠨᠢ᠃
ᠥᠬᠢᠨ᠄ ᠵᠦᠭᠡᠷ ᠳᠡ ᠠᠪᠤ ᠠ᠋᠂ ᠪᠢ ᠠᠵᠢᠯ ᠬᠢᠮᠡᠷ ᠪᠠᠢᠨ᠎ᠠ᠂ ᠬᠢᠬᠦ ᠶᠣᠰᠣᠲᠠᠢ ᠠᠵᠢᠯ ᠡᠴᠡ ᠪᠡᠨ ᠵᠢᠭᠤᠲᠠᠭᠠᠳ ᠪᠠᠢᠪᠠᠯ ᠶᠠᠭᠤ ᠴᠤ᠌ ᠥᠭᠡᠷᠡᠴᠢᠯᠡᠭᠳᠡᠬᠦ ᠦᠭᠡᠢ ᠪᠢᠯᠡ ᠳᠠ᠂ ᠰᠠᠨᠠᠭ᠎ᠠ ᠪᠦᠦ ᠵᠣᠪᠠ᠂ ᠲᠠ ᠨᠠᠳᠠ ᠳ᠋ᠤ᠌ ᠣᠯᠠᠨ ᠵᠦᠢᠯ ᠵᠢᠭᠠᠵᠤ ᠰᠤᠷᠭᠠᠭᠰᠠᠨ᠂ ᠨᠢᠭᠡ ᠯᠡ ᠡᠳᠦᠷ ᠮᠢᠨᠦ ᠬᠢᠴᠢᠶᠡᠯ ᠵᠢᠳᠬᠦᠯ ᠦ᠋ᠨ ᠦᠷ᠎ᠡ ᠳ᠋ᠦᠩ ᠭᠠᠷᠤᠨ᠎ᠠ ᠭᠡᠳᠡᠭ ᠢ᠋ ᠪᠢ ᠮᠡᠳᠡᠵᠦ ᠪᠠᠢᠨ᠎ᠠ᠃
ᠮᠠᠷᠭᠠᠰᠢ ᠥᠷᠯᠥᠭᠡ ᠨᠢ ᠥᠬᠢᠨ ᠶᠠᠪᠤᠬᠤ ᠳ᠋ᠤ᠌ ᠪᠡᠯᠡᠨ ᠪᠣᠯᠵᠠᠢ᠃ ᠪᠠᠶᠠᠨ ᠠᠢᠯ ᠣᠯᠵᠤ ᠭᠡᠷ ᠦ᠋ᠨ ᠦᠢᠯᠡᠴᠢᠯᠡᠭᠴᠢ ᠬᠢᠬᠦ ᠪᠡᠷ ᠭᠠᠷᠤᠯ᠎ᠠ᠃ ᠬᠣᠢᠲᠤ ᠡᠵᠢ ᠨᠢ ᠥᠬᠢᠨ ᠳ᠋ᠦ᠍ ᠵᠠᠮ ᠳ᠋ᠤ᠌ ᠪᠠᠨ ᠢᠳᠡᠬᠦ ᠬᠣᠭᠣᠯᠠ ᠪᠠᠢᠲᠤᠭᠠᠢ ᠤᠰᠤ ᠴᠤ᠌ ᠥᠭᠭᠦᠭᠰᠡᠨ ᠦᠭᠡᠢ᠃ ᠥᠬᠢᠨ ᠡᠭᠦᠨ ᠢ᠋ ᠦᠯᠦ ᠣᠢᠰᠢᠶᠠᠪᠠ᠃
ᠡᠪᠦᠭᠡᠨ᠄ ᠠ᠁ ᠪᠡᠶ᠎ᠡ ᠪᠡᠨ ᠰᠠᠢᠨ ᠪᠣᠳᠣᠭᠠᠷᠠᠢ ᠥᠬᠢᠨ ᠮᠢᠨᠢ᠂ ᠰᠠᠨᠠᠵᠤ ᠶᠠᠪᠤ᠂ ᠲᠤᠰᠠᠯᠠᠮᠵᠢ ᠭᠤᠶᠤᠭᠰᠠᠨ ᠨᠢᠭᠡᠨ ᠳ᠋ᠦ᠍ ᠲᠤᠰᠠᠯᠠᠬᠤ ᠠ᠋ᠴᠠ ᠬᠡᠵᠢᠶᠡᠳᠡ ᠪᠢᠲᠡᠭᠡᠢ ᠲᠠᠲᠠᠭᠠᠯᠵᠠ᠂ ᠪᠠᠰᠠ ᠬᠢᠴᠢᠶᠡᠩᠭᠦᠢ ᠪᠠᠢ! ᠶᠠᠭᠤ ᠴᠤ᠌ ᠬᠢᠯ᠎ᠡ ᠭᠡᠰᠡᠨ ᠰᠡᠳᠬᠢᠯ ᠵᠢᠷᠦᠬᠡ ᠪᠡᠨ ᠵᠣᠷᠢᠭᠤᠯ᠃
ᠥᠬᠢᠨ᠄ ᠵᠠ᠂ ᠪᠢ ᠰᠠᠨᠠᠵᠤ ᠶᠠᠪᠤᠬᠤ ᠪᠣᠯᠤᠨ᠎ᠠ ᠠᠪᠤ ᠠ᠋᠃
ᠢᠩᠭᠢᠭᠡᠳ ᠥᠬᠢᠨ ᠭᠡᠷ ᠡᠴᠡ ᠪᠡᠨ ᠶᠠᠪᠤᠯ᠎ᠠ᠂ ᠣᠯᠠᠨ ᠠᠭᠤᠯᠠ ᠲᠤᠯᠤᠭᠠᠳ ᠳᠠᠪᠠᠨ ᠶᠠᠪᠤᠭᠰᠠᠨ ᠴᠤ᠌ ᠶᠠᠭᠤ ᠴᠤ᠌ ᠣᠯᠤᠭᠰᠠᠨ ᠦᠭᠡᠢ ᠭᠡᠨ᠎ᠡ᠃ ᠣᠯᠠᠨ ᠡᠳᠦᠷ ᠠᠯᠬᠤᠭᠰᠠᠨ ᠴᠤ᠌ ᠨᠢᠭᠡ ᠴᠦ᠍ ᠬᠥᠮᠦᠨ ᠲᠡᠢ ᠲᠠᠭᠠᠷᠠᠭᠰᠠᠨ ᠦᠭᠡᠢ᠃ ᠲᠡᠭᠡᠯ᠎ᠡ ᠭᠡᠳ ᠥᠬᠢᠨ ᠢᠲᠡᠭᠡᠯ ᠨᠠᠢᠳᠠᠪᠤᠷᠢ ᠪᠠᠨ ᠠᠯᠳᠠᠯ ᠦᠭᠡᠢ᠂ ᠠᠪᠤ ᠶ᠋ᠢᠨ ᠢ᠋ᠶ᠋ᠡᠨ ᠬᠡᠯᠡᠭᠰᠡᠨ ᠢ᠋ ᠪᠠᠢᠩᠭᠤ ᠰᠠᠨᠠᠵᠤ ᠪᠠᠢᠯ᠎ᠠ᠃ᠲᠤᠰᠠᠯᠠᠮᠵᠢ ᠭᠤᠶᠤᠭᠰᠠᠨ ᠨᠢᠭᠡᠨ ᠳ᠋ᠦ᠍ ᠲᠤᠰᠠᠯᠠᠬᠤ ᠠ᠋ᠴᠠ ᠬᠡᠵᠢᠶ᠎ᠡ ᠴᠦ᠍ ᠪᠦᠦ ᠲᠠᠲᠠᠭᠠᠯᠵᠠ᠂ᠪᠠᠰᠠ ᠬᠢᠴᠢᠶᠡᠩᠭᠦᠢ ᠪᠠᠢ ! ᠶᠠᠭᠤ ᠴᠤ᠌ ᠬᠢᠯ᠎ᠡ ᠭᠡᠰᠡᠨ ᠰᠡᠳᠬᠢᠯ ᠵᠢᠷᠦᠬᠡ ᠪᠡᠨ ᠵᠣᠷᠢᠭᠤᠯ᠃
ᠥᠬᠢᠨ᠄ ᠪᠢ ᠠᠵᠢᠯ ᠣᠯᠬᠤ ᠳ᠋ᠤ᠌ ᠪᠦᠬᠦ ᠠᠩᠬᠠᠷᠤᠯ ᠢ᠋ᠶ᠋ᠠᠨ ᠬᠠᠨᠳᠤᠭᠤᠯᠬᠤ ᠬᠡᠷᠡᠭᠲᠡᠢ ᠂ ᠪᠢ ᠶᠠᠮᠠᠷ ᠠᠵᠢᠯ ᠬᠢᠯ᠎ᠡ ᠴᠦ᠍ ᠭᠡᠰᠡᠨ ᠪᠦᠬᠦ ᠰᠡᠳᠬᠢᠯ ᠵᠢᠷᠦᠬᠡ ᠪᠡᠨ ᠵᠣᠷᠢᠭᠤᠯᠬᠤ ᠪᠣᠯᠤᠨ᠎ᠠ᠃ ᠡᠳᠦᠷᠵᠢᠨ ᠠᠵᠢᠯᠯᠠᠬᠤ ᠪᠠᠢᠯ᠎ᠠ ᠴᠤ᠌ ᠪᠢ ᠪᠠᠭᠤᠵᠤ ᠥᠭᠬᠦ ᠦᠭᠡᠢ᠃
ᠤᠳᠠᠯ ᠦᠭᠡᠢ ᠥᠬᠢᠨ ᠶᠠᠷᠢᠳᠠᠭ ᠮᠣᠳᠣ ᠲᠠᠢ ᠲᠠᠭᠠᠷᠠᠯᠳᠤᠯ᠎ᠠ᠃ ᠮᠣᠳᠣ ᠪᠦᠬᠦᠯᠢ ᠳ᠋ᠦ᠍ ᠪᠡᠨ ᠬᠠᠲᠠᠵᠤ ᠬᠣᠷᠴᠢᠢᠬᠰᠠᠨ ᠪᠠᠢᠵᠠᠢ᠃
ᠮᠣᠳᠣ᠄ ᠰᠠᠢᠨ ᠤᠤ? ᠪᠢᠴᠢᠬᠠᠨ ᠥᠬᠢᠨ ᠮᠢᠨᠢ᠂ ᠴᠢ ᠬᠠᠮᠢᠭ᠎ᠠ ᠨᠢᠭᠡ ᠲᠠᠰᠢ ᠪᠠᠨ ᠶᠠᠪᠤᠵᠤ ᠪᠠᠢᠭ᠎ᠠ ᠪᠣᠯᠤᠯᠲᠠᠢ᠂ ᠬᠠᠲᠠᠭᠰᠠᠨ ᠮᠥᠴᠢᠷ ᠡᠴᠡ ᠪᠡᠨ ᠰᠠᠯᠬᠤ ᠳ᠋ᠤ᠌ ᠮᠢᠨᠢ ᠴᠢ ᠨᠠᠳᠠ ᠳ᠋ᠤ᠌ ᠲᠤᠰᠠᠯᠠᠬᠤ ᠦᠭᠡᠢ ᠪᠢᠵᠡ᠃ ᠬᠠᠷᠢᠭᠤ ᠳ᠋ᠤ᠌ ᠨᠢ ᠪᠢ ᠴᠢᠮ᠎ᠠ ᠳ᠋ᠤ᠌ ᠲᠤᠰᠠᠯᠠᠨ᠎ᠠ ᠭᠡᠳᠡᠭ ᠢ᠋ᠶ᠋ᠡᠨ ᠠᠮᠠᠯᠠᠵᠤ ᠪᠠᠢᠨ᠎ᠠ᠃
ᠥᠬᠢᠨ᠄ ᠠ᠂ ᠳᠡᠭᠡᠯ ᠦᠭᠡᠢ ᠶᠠᠭᠠᠬᠢᠬᠤᠪ᠃
ᠥᠬᠢᠨ ᠮᠣᠳᠣ ᠤᠷᠤᠭᠤ ᠠᠪᠠᠷᠢᠵᠤ᠂ ᠬᠠᠲᠠᠭᠰᠠᠨ ᠪᠦᠬᠦ ᠮᠥᠴᠢᠷ ᠦ᠋ᠳ ᠢ᠋ ᠭᠠᠷ ᠢ᠋ᠶ᠋ᠠᠷ ᠢ᠋ᠶ᠋ᠠᠨ ᠬᠤᠭᠤᠯᠤᠯ᠎ᠠ᠃ ᠮᠣᠳᠣ ᠶ᠋ᠢ ᠨᠢᠭᠡ ᠴᠤ᠌ ᠰᠢᠷᠬᠡᠭ ᠬᠠᠲᠠᠭᠰᠠᠨ ᠮᠥᠴᠢᠷ ᠦᠭᠡᠢ ᠪᠣᠯᠭᠠᠵᠤ᠂ ᠰᠢᠨ᠎ᠡ ᠨᠠᠪᠴᠢ ᠵᠢᠮᠢᠰ ᠤᠷᠭᠤᠬᠤ ᠳ᠋ᠤ᠌ ᠪᠡᠯᠡᠨ ᠪᠣᠯᠬᠤ ᠬᠦᠷᠲᠡᠯ᠎ᠡ ᠵᠣᠭᠰᠣᠭᠰᠠᠨ ᠦᠭᠡᠢ ᠭᠡᠨ᠎ᠡ᠃ ᠮᠣᠳᠣᠨ ᠥᠬᠢᠨ ᠳ᠋ᠦ᠍ ᠲᠠᠯᠠᠷᠬᠠᠭᠰᠠᠨ ᠢ᠋ᠶ᠋ᠠᠨ ᠬᠡᠯᠡᠵᠦ ᠥᠬᠢᠨ ᠴᠠᠭᠠᠰᠢ ᠠᠯᠬᠤᠯ᠎ᠠ᠃
 ᠴᠠᠭᠠᠰᠢ ᠶᠠᠪᠤᠵᠤ ᠪᠠᠢᠲᠠᠯ᠎ᠠ ᠥᠬᠢᠨ ᠦᠬᠦᠵᠦ ᠪᠣᠢ ᠤᠰᠤᠨ ᠦᠵᠦᠮ ᠦ᠋ᠨ ᠣᠷᠢᠶᠠᠩᠭᠤ ᠲᠠᠢ ᠲᠠᠭᠠᠷᠠᠪᠠ᠃ ᠣᠷᠢᠶᠠᠩᠭᠤ ᠶ᠋ᠢᠨ ᠬᠠᠵᠠᠭᠤ ᠳ᠋ᠤ᠌ ᠶᠡᠷᠦ ᠪᠤᠰᠤ ᠶ᠋ᠢᠨ ᠬᠦᠷᠵᠡ ᠬᠡᠪᠲᠡᠵᠦ ᠪᠠᠢᠯ᠎ᠠ᠃
ᠣᠷᠢᠶᠠᠩᠭᠤ ᠥᠬᠢᠨ ᠳ᠋ᠦ᠍ ᠬᠠᠨᠳᠤᠨ᠄ ᠰᠠᠢᠨ ᠤᠤ ?ᠴᠢ ᠮᠢᠨᠦ ᠦᠨᠳᠦᠰᠦ ᠶ᠋ᠢ ᠢᠯᠡ ᠭᠠᠷᠭᠠᠭᠠᠳ ᠥᠭᠭᠦᠭᠡᠴᠢ ᠂ ᠪᠢ ᠬᠠᠷᠢᠭᠤ ᠳ᠋ᠤ᠌ ᠨᠢ ᠴᠢᠮ᠎ᠠ ᠳ᠋ᠤ᠌ ᠲᠤᠰᠠᠯᠠᠨ᠎ᠠ ᠰᠢᠦ᠃
ᠥᠬᠢᠨ ᠬᠦᠷᠵᠡ ᠶ᠋ᠢ ᠠᠪᠤᠨ ᠭᠠᠵᠠᠷ ᠬᠠᠭᠠᠯᠵᠤ ᠡᠬᠢᠯᠡᠪᠡ᠃ᠥᠬᠢᠨ ᠭᠠᠷ ᠤ᠋ᠨ ᠠᠯᠠᠭ᠎ᠠ ᠪᠠᠨ ᠴᠦᠪᠦᠷᠢᠭᠦᠳᠡᠲᠡᠯ᠎ᠡ ᠭᠠᠵᠠᠷ ᠬᠠᠭᠠᠯᠪᠠ ᠭᠡᠨ᠎ᠡ᠃
ᠮᠣᠳᠣ᠄ ᠭᠠᠷ ᠴᠢᠨᠢ ᠶᠡᠬᠡ ᠡᠪᠡᠳᠴᠦ ᠪᠠᠢᠭ᠎ᠠ ᠪᠠᠢᠬᠤ ᠳᠠ᠃
ᠥᠬᠢᠨ᠄ ᠵᠦᠭᠡᠷ ᠳᠡ᠂ ᠤᠳᠠᠬᠤ ᠦᠭᠡᠢ ᠵᠦᠭᠡᠷ ᠪᠣᠯᠴᠢᠬᠠᠨ᠎ᠠ᠂ ᠲᠠᠨ ᠳ᠋ᠤ᠌ ᠲᠤᠰᠠᠯᠠᠮᠵᠢ ᠬᠡᠷᠡᠭᠲᠡᠢ ᠪᠠᠢᠭᠰᠠᠨ ᠤᠴᠢᠷ ᠪᠢ ᠲᠤᠰᠠᠯᠠᠭᠰᠠᠨ ᠶᠤᠮ᠃
ᠣᠷᠢᠶᠠᠩᠭᠤ ᠲᠠᠯᠠᠷᠬᠠᠭᠰᠠᠨ ᠢ᠋ᠶ᠋ᠠᠨ ᠢᠯᠡᠷᠬᠡᠢᠯᠡᠵᠦ ᠥᠬᠢᠨ ᠴᠠᠭᠠᠰᠢ ᠪᠠᠨ ᠶᠠᠪᠤᠯ᠎ᠠ᠃ ᠴᠠᠭᠠᠰᠢ ᠶᠠᠪᠤᠵᠤ ᠪᠠᠢᠲᠠᠯ᠎ᠠ ᠡᠪᠳᠡᠷᠡᠭᠰᠡᠨ ᠵᠤᠤᠬ᠎ᠠ ᠲᠠᠭᠠᠷᠠᠯᠳᠤᠪᠠ᠃
ᠵᠤᠤᠬ᠎ᠠ ᠥᠬᠢᠨ ᠳ᠋ᠦ᠍ ᠬᠠᠨᠳᠤᠨ᠄ ᠪᠢᠴᠢᠬᠠᠨ ᠥᠬᠢᠨ ᠮᠢᠨᠢ᠂ ᠴᠢ ᠠᠩ ᠴᠠᠪᠠ ᠶ᠋ᠢ ᠮᠢᠨᠢ ᠪᠥᠭᠯᠡᠭᠡᠳ ᠨᠠᠮ᠎ᠠ ᠶ᠋ᠢ ᠴᠡᠪᠡᠷᠬᠡᠨ ᠪᠣᠯᠭᠠᠭᠠᠳ ᠥᠭᠭᠦᠭᠡᠴᠢ ᠳᠡ ᠂ ᠪᠢ ᠬᠠᠷᠢᠭᠤ ᠳ᠋ᠤ᠌ ᠨᠢ ᠴᠢᠮ᠎ᠠ ᠳ᠋ᠤ᠌ ᠲᠤᠰᠠᠯᠠᠨ᠎ᠠ ᠰᠢᠦ᠃
ᠥᠬᠢᠨ ᠵᠤᠤᠬᠠᠨ ᠳ᠋ᠤ᠌ ᠣᠯᠠᠨ ᠠᠩ ᠴᠠᠪᠠ ᠭᠠᠷᠤᠭᠰᠠᠨ ᠪᠠᠢᠭ᠎ᠠ ᠶ᠋ᠢ ᠬᠠᠷᠠᠪᠠ᠃ ᠬᠡᠰᠡᠭ ᠪᠣᠳᠣᠭᠰᠠᠨ ᠤ᠋ ᠡᠴᠦᠰ ᠲᠦ᠍ ᠰᠢᠷᠣᠢ ᠠᠪᠴᠢᠷᠠᠨ ᠱᠠᠯᠪᠠᠭ ᠲᠤ᠌ ᠬᠢᠵᠦ ᠬᠥᠯ ᠢ᠋ᠶ᠋ᠡᠷ ᠢ᠋ᠶ᠋ᠡᠨ ᠬᠣᠯᠢᠯ᠎ᠠ᠃ ᠰᠢᠪᠡᠷ ᠢ᠋ ᠠᠪᠴᠢᠷᠠᠨ ᠵᠤᠤᠬᠠᠨ ᠤ᠋ ᠠᠩ ᠴᠠᠪᠠ ᠶ᠋ᠢ ᠪᠦᠭᠯᠡᠵᠡᠢ ᠭᠡᠨ᠎ᠡ᠃ ᠵᠤᠤᠬ᠎ᠠ ᠢᠩᠭᠢᠭᠡᠳ ᠰᠢᠨ᠎ᠡ ᠮᠡᠲᠦ ᠪᠣᠯᠤᠯ᠎ᠠ᠃
ᠵᠤᠤᠬ᠎ᠠ᠄ ᠪᠠᠶᠠᠷᠯᠠᠯ᠎ᠠ᠂ ᠭᠡᠬᠦ ᠳ᠋ᠦ᠍ ᠪᠡᠨ ᠭᠠᠷ ᠬᠥᠯ ᠴᠢᠨᠢ ᠱᠠᠯᠪᠠᠭ ᠪᠣᠯᠴᠢᠬᠠᠯ᠎ᠠ᠃
ᠥᠬᠢᠨ᠄ ᠵᠦᠭᠡᠷ ᠳᠡ᠂ ᠤᠰᠤ ᠪᠠᠷ ᠤᠬᠢᠶᠠᠭᠠᠳ ᠯᠠ ᠠᠷᠢᠯᠴᠢᠬᠠᠨ᠎ᠠ᠂ ᠴᠢᠮ᠎ᠠ ᠳ᠋ᠤ᠌ ᠲᠤᠰᠠᠯᠠᠮᠵᠢ ᠬᠡᠷᠡᠭᠲᠡᠢ ᠪᠠᠢᠭᠰᠠᠨ ᠤᠴᠢᠷ ᠪᠢ ᠲᠤᠰᠠᠯᠠᠭᠰᠠᠨ ᠶᠤᠮ᠃
ᠢᠩᠭᠢᠵᠦ ᠬᠡᠯᠡᠭᠡᠳ ᠥᠬᠢᠨ ᠴᠠᠭᠠᠰᠢ ᠠᠯᠬᠤᠯ᠎ᠠ᠃ ᠤᠳᠠᠯ ᠦᠭᠡᠢ ᠲᠡᠷᠡ ᠪᠡᠷ ᠡᠪᠳᠡᠷᠡᠭᠰᠡᠨ ᠬᠤᠳᠳᠤᠭ ᠲᠠᠢ ᠲᠠᠭᠠᠷᠠᠪᠠ᠃
ᠬᠤᠳᠳᠤᠭ ᠥᠬᠢᠨ ᠳ᠋ᠦ᠍ ᠬᠠᠨᠳᠤᠨ ᠄ ᠬᠦ ᠰᠠᠢᠨ ᠤᠤ ? ᠴᠢ ᠮᠢᠨᠦ ᠳᠣᠲᠣᠷ᠎ ᠪᠠᠢᠭ᠎ᠠ ᠪᠣᠬᠢᠷ ᠤᠰᠤ ᠶ᠋ᠢ ᠭᠠᠷᠭᠠᠵᠤ ᠥᠭᠴᠦ ᠨᠠᠮ᠎ᠠ ᠶ᠋ᠢ ᠴᠡᠪᠡᠷᠯᠡᠵᠦ ᠦᠭᠭᠦᠭᠡᠴᠢ ᠳᠡ᠂ ᠪᠢ ᠬᠠᠷᠢᠭᠤ ᠳ᠋ᠤ᠌ ᠨᠢ ᠴᠢᠮ᠎ᠠ ᠳ᠋ᠤ᠌ ᠲᠤᠰᠠᠯᠠᠨ᠎ᠠ ᠭᠡᠳᠡᠭ ᠢ᠋ᠶ᠋ᠡᠨ ᠠᠮᠠᠯᠠᠶ᠎ᠠ᠃
ᠥᠬᠢᠨ ᠬᠤᠳᠳᠤᠭ ᠠ᠋ᠴᠠ ᠪᠦᠬᠦ ᠪᠣᠬᠢᠷ ᠤᠰᠤ ᠶ᠋ᠢ ᠭᠠᠷᠭᠠᠨ ᠬᠤᠳᠳᠤᠭ ᠢ᠋ ᠰᠠᠢᠲᠤᠷ ᠴᠡᠪᠡᠷᠯᠡᠯ᠎ᠡ᠃
ᠬᠤᠳᠳᠤᠭ᠄ ᠬᠦ᠂ ᠬᠤᠪᠴᠠᠰᠤ ᠴᠢᠨᠢ ᠪᠣᠬᠢᠷᠲᠤᠴᠢᠬᠠᠯ᠎ᠠ ᠰᠢᠦ ᠳᠡ᠃
ᠥᠬᠢᠨ᠄ ᠵᠦᠭᠡᠷ ᠳᠡ᠂ ᠤᠬᠢᠶᠠᠴᠢᠬᠠᠵᠤ ᠪᠣᠯᠤᠨ᠎ᠠ᠂ ᠴᠢᠮ᠎ᠠ ᠳ᠋ᠤ᠌ ᠲᠤᠰᠠᠯᠠᠮᠵᠢ ᠬᠡᠷᠡᠭᠲᠡᠢ ᠪᠠᠢᠭᠰᠠᠨ ᠤᠴᠢᠷ ᠪᠢ ᠲᠤᠰᠠᠯᠠᠭᠰᠠᠨ ᠶᠤᠮ᠃
ᠬᠤᠳᠳᠤᠭ ᠲᠠᠯᠠᠷᠬᠠᠭᠰᠠᠨ ᠢ᠋ᠶ᠋ᠠᠨ ᠢᠯᠡᠷᠬᠡᠢᠯᠡᠵᠦ ᠥᠬᠢᠨ ᠴᠠᠭᠠᠰᠢ ᠠᠯᠬᠤᠯ᠎ᠠ᠃ ᠤᠳᠠᠯ ᠦᠭᠡᠢ ᠥᠬᠢᠨ ᠨᠢᠭᠡᠨ ᠥᠬᠥᠭᠡᠷᠳᠡᠮ᠎ᠡ ᠪᠢᠴᠢᠬᠠᠨ ᠠᠮᠢᠲᠠᠨ ᠤ᠋ ᠬᠣᠭᠣᠯᠠᠢ ᠰᠣᠨᠣᠰᠪᠠ ᠭᠡᠨ᠎ᠡ᠃ ᠨᠣᠬᠠᠢ ᠪᠠᠢᠵᠠᠢ᠃ ᠲᠡᠷᠡ ᠨᠣᠬᠠᠢ ᠶ᠋ᠢᠨ ᠦᠰᠦ ᠨᠢ ᠤᠷᠲᠤ ᠤᠷᠭᠤᠵᠤ ᠪᠠᠰᠠ ᠮᠠᠰᠢ ᠶᠡᠬᠡ ᠪᠣᠬᠢᠷᠲᠤᠭᠰᠠᠨ ᠪᠠᠢᠯ᠎ᠠ᠃
ᠨᠣᠬᠠᠢ᠄ ᠴᠢ ᠮᠢᠨᠦ ᠦᠰᠦ ᠶ᠋ᠢ ᠳᠠᠭᠠᠷᠢᠵᠤ᠂ ᠨᠠᠮ᠎ᠠ ᠶ᠋ᠢ ᠭᠣᠣᠯ ᠳ᠋ᠤ᠌ ᠣᠷᠣᠭᠤᠯᠤᠭᠠᠳ ᠤᠬᠢᠶᠠᠭᠠᠳ ᠥᠭᠭᠦᠭᠡᠴᠢ ᠳᠡ ᠂ ᠬᠠᠷᠢᠭᠤ ᠳ᠋ᠤ᠌ ᠨᠢ ᠪᠢ ᠴᠢᠮ᠎ᠠ ᠳ᠋ᠤ᠌ ᠲᠤᠰᠠᠯᠠᠨ᠎ᠠ ᠭᠡᠳᠡᠭ ᠢ᠋ᠶ᠋ᠡᠨ ᠠᠮᠠᠯᠠᠶ᠎ᠠ᠃
ᠥᠬᠢᠨ ᠬᠡᠯᠡᠭᠰᠡᠨ ᠢ᠋ᠶ᠋ᠡᠷ ᠨᠢ ᠬᠢᠯ᠎ᠡ᠃ ᠨᠣᠬᠠᠢ ᠡᠷᠡᠭᠦᠯ ᠵᠢᠷᠭᠠᠯᠲᠠᠢ ᠬᠠᠷᠠᠭᠳᠠᠵᠤ ᠪᠠᠢᠪᠠ᠃ ᠨᠣᠬᠠᠢ ᠥᠬᠢᠨ ᠳ᠋ᠦ᠍ ᠲᠠᠯᠠᠷᠬᠠᠭᠰᠠᠨ ᠢ᠋ᠶ᠋ᠠᠨ ᠢᠯᠡᠷᠬᠡᠢᠯᠡᠵᠦ᠂ ᠥᠬᠢᠨ ᠭᠣᠣᠯ ᠳ᠋ᠤ᠌ ᠣᠷᠣᠨ ᠬᠤᠪᠴᠠᠰᠤ ᠪᠠᠨ ᠤᠬᠢᠶᠠᠭᠠᠳ ᠴᠠᠭᠠᠰᠢ ᠠᠯᠬᠤᠯ᠎ᠠ᠃ ᠤᠳᠠᠯ ᠦᠭᠡᠢ ᠬᠠᠷᠠᠩᠭᠤᠢ ᠪᠣᠯᠵᠠᠢ᠃ ᠥᠬᠢᠨ ᠨᠢᠭᠡ ᠪᠠᠢᠰᠢᠩ ᠳ᠋ᠤ᠌ ᠲᠤᠯᠵᠤ ᠢᠷᠡᠪᠡ᠃
ᠲᠡᠷᠡ ᠪᠠᠢᠰᠢᠩ ᠳ᠋ᠤ᠌ ᠳᠣᠯᠣᠭᠠᠨ ᠰᠢᠳᠢᠲᠡᠨ ᠠᠮᠢᠳᠤᠷᠠᠳᠠᠭ ᠪᠠᠢᠪᠠ᠃
ᠥᠬᠢᠨ᠄ ᠰᠠᠭᠠᠳ ᠪᠣᠯᠤᠭᠰᠠᠨ ᠳ᠋ᠤ᠌ ᠠᠭᠤᠴᠢᠯᠠᠭᠠᠷᠠᠢ᠂ ᠭᠡᠬᠦ ᠳ᠋ᠦ᠍ ᠪᠡᠨ ᠭᠠᠳᠠᠭ᠎ᠠ ᠬᠠᠷᠠᠩᠭᠤᠢ ᠪᠣᠯᠴᠢᠬᠠᠯ᠎ᠠ᠂ ᠪᠢ ᠥᠨᠥᠳᠥᠷ ᠡᠨᠳᠡ ᠬᠣᠨᠣᠵᠤ ᠪᠣᠯᠬᠤ ᠤᠤ?
ᠰᠢᠳᠢᠲᠡᠨ᠄ ᠴᠢ ᠬᠠᠮᠢᠭᠠᠰᠢ ᠪᠠᠨ ᠶᠠᠪᠤᠵᠤ ᠪᠠᠢᠭ᠎ᠠ ᠶᠤᠮ?
ᠥᠬᠢᠨ᠄ ᠪᠢ ᠠᠵᠢᠯ ᠬᠠᠢᠵᠤ ᠶᠠᠪᠤᠨ᠎ᠠ᠃
ᠰᠢᠳᠢᠲᠡᠨ᠄ᠦᠨᠡᠨ ᠭᠡᠵᠢ ᠤᠤ ? ᠴᠢ ᠡᠨᠳᠡ ᠠᠵᠢᠯᠯᠠᠵᠤ ᠪᠣᠯᠤᠨ᠎ᠠ ᠰᠢᠦ ᠳᠡ᠂ ᠡᠨᠡ ᠪᠠᠢᠰᠢᠩ ᠳ᠋ᠤ᠌ ᠳᠣᠯᠣᠭᠠᠨ ᠥᠷᠥᠭᠡ ᠪᠣᠢ᠂ ᠴᠢ ᠡᠳᠦᠷ ᠪᠦᠷᠢ ᠵᠢᠷᠭᠤᠭᠠᠨ ᠥᠷᠥᠭᠡ ᠶ᠋ᠢ ᠨᠢ ᠴᠡᠪᠡᠷᠯᠡᠬᠦ ᠶᠣᠰᠣᠲᠠᠢ᠂ ᠮᠠᠷᠲᠠᠵᠤ ᠪᠣᠯᠬᠤ ᠦᠭᠡᠢ ᠰᠢᠦ᠂ ᠳᠣᠯᠣᠳᠠᠬᠢ ᠥᠷᠥᠭᠡᠨ ᠳ᠋ᠦ᠍ ᠬᠡᠵᠢᠶ᠎ᠡ ᠴᠦ᠍ ᠪᠢᠲᠡᠭᠡᠢ ᠣᠷᠣ᠂ ᠴᠢ ᠵᠥᠪᠰᠢᠶᠡᠷᠡᠵᠦ ᠪᠠᠢᠨ᠎ᠠ ᠤᠤ ?
ᠥᠬᠢᠨ᠄ ᠦ᠂ ᠪᠢ ᠮᠠᠰᠢ ᠶᠡᠬᠡ ᠪᠠᠶᠠᠷᠯᠠᠵᠤ ᠪᠠᠢᠨ᠎ᠠ᠂ ᠪᠠᠶᠠᠷᠯᠠᠯ᠎ᠠ᠂ ᠶᠠᠭ ᠬᠡᠯᠡᠭᠰᠡᠨ ᠢ᠋ᠶ᠋ᠡᠷ ᠴᠢᠨᠢ ᠬᠢᠬᠦ ᠪᠣᠯᠤᠨ᠎ᠠ᠃
ᠥᠬᠢᠨ ᠬᠡᠯᠡᠭᠰᠡᠨ ᠢ᠋ᠶ᠋ᠡᠷ ᠨᠢ ᠬᠢᠯ᠎ᠡ᠃ ᠡᠳᠦᠷ ᠪᠦᠷᠢ ᠡᠷᠲᠡᠯᠡᠨ ᠪᠣᠰᠴᠤ᠂ ᠵᠢᠷᠭᠤᠭᠠᠨ ᠥᠷᠥᠭᠡ ᠶ᠋ᠢ ᠴᠡᠪᠡᠷᠯᠡᠳᠡᠭ ᠪᠠᠢᠪᠠ᠂ ᠥᠬᠢᠨ ᠳᠣᠯᠣᠳᠠᠬᠢ ᠥᠷᠥᠭᠡ ᠤᠷᠤᠭᠤ ᠬᠠᠷᠠᠳᠠᠭ ᠴᠤ᠌ ᠦᠭᠡᠢ ᠪᠠᠢᠯ᠎ᠠ᠃ ᠨᠢᠭᠡ ᠵᠢᠯ ᠥᠩᠭᠡᠷᠡᠵᠦ ᠥᠬᠢᠨ ᠬᠠᠩᠭᠠᠯᠲᠠᠲᠠᠢ ᠶᠡᠬᠡ ᠮᠥᠩᠭᠥ ᠣᠯᠵᠠᠢ᠃ ᠡᠪᠡᠳᠴᠢᠲᠡᠢ ᠠᠪᠤ ᠤᠷᠤᠭᠤ ᠪᠠᠨ ᠪᠤᠴᠠᠵᠤ ᠣᠴᠢᠬᠤ ᠶ᠋ᠢ ᠭᠡᠷ ᠦ᠋ᠨ ᠡᠵᠡᠳ ᠡᠴᠡ ᠬᠦᠰᠡᠵᠡᠢ ᠭᠡᠨ᠎ᠡ᠃
ᠰᠢᠳᠢᠲᠡᠨ᠄ ᠶᠠᠪᠤᠬᠤ ᠠ᠋ᠴᠠ ᠪᠠᠨ ᠡᠮᠦᠨ᠎ᠡ ᠪᠢᠳᠡᠨ ᠳ᠋ᠦ᠍ ᠬᠡᠯᠡᠭᠡᠴᠢ᠂ ᠳᠣᠯᠣᠳᠠᠬᠢ ᠥᠷᠥᠭᠡ ᠴᠢᠨᠦ ᠰᠣᠨᠢᠷᠬᠠᠯ ᠢ᠋ ᠲᠠᠲᠠᠭ᠎ᠠ ᠦᠭᠡᠢ ᠶᠤᠮ ᠭᠡᠵᠦ ᠤᠤ?
ᠥᠬᠢᠨ᠄ ᠠᠪᠤ ᠮᠠᠨᠢ ᠬᠢᠬᠦ ᠶᠣᠰᠣᠲᠠᠢ ᠠᠵᠢᠯ ᠢ᠋ᠶ᠋ᠠᠨ ᠬᠢᠵᠦ ᠪᠠᠢᠭᠠᠷᠠᠢ ᠭᠡᠵᠦ ᠨᠠᠳᠠ ᠳ᠋ᠤ᠌ ᠰᠤᠷᠭᠠᠭᠰᠠᠨ᠂ ᠡᠨᠳᠡ ᠠᠵᠢᠯᠯᠠᠵᠤ ᠪᠠᠢᠬᠤ ᠬᠤᠭᠤᠴᠠᠭᠠᠨ ᠳ᠋ᠤ᠌ ᠪᠢ ᠲᠠ ᠨᠠᠷ ᠤ᠋ᠨ ᠦᠭᠡ ᠶ᠋ᠢ ᠳᠠᠭᠠᠬᠤ ᠡᠭᠦᠷᠭᠡ ᠲᠡᠢ ᠪᠠᠢᠭᠰᠠᠨ ᠃
ᠰᠢᠳᠢᠲᠡᠨ᠄ ᠪᠢᠳᠡ ᠴᠢᠨᠦ ᠦᠨᠡᠨᠴᠢ ᠵᠠᠩ ᠳ᠋ᠤ᠌ ᠲᠠᠯᠠᠷᠬᠠᠵᠤ ᠪᠠᠢᠨ᠎ᠠ᠂ ᠴᠢᠨᠦ ᠠᠵᠢᠯᠴᠢ ᠬᠢᠴᠢᠶᠡᠩᠭᠦᠢ ᠵᠠᠩ ᠪᠢᠳᠡᠨ ᠦ᠌ ᠭᠠᠢᠬᠠᠰᠢᠷᠠᠯ ᠢ᠋ ᠲᠥᠷᠥᠭᠦᠯᠦᠭᠰᠡᠨ ᠂ ᠪᠢᠳᠡᠨ ᠲᠡᠢ ᠬᠠᠮᠲᠤ ᠶᠠᠪᠤᠵᠤ ᠱᠠᠩᠨᠠᠯ ᠢ᠋ᠶ᠋ᠠᠨ ᠠᠪᠬᠤ ᠴᠠᠭ ᠴᠢᠨᠢ ᠪᠣᠯᠤᠯ᠎ᠠ᠃
ᠰᠢᠳᠢᠲᠡᠨ ᠨᠤᠭᠥᠳ ᠥᠬᠢᠨ ᠢ᠋ ᠳᠠᠭᠠᠭᠤᠯᠤᠨ ᠳᠣᠯᠣᠳᠠᠬᠢ ᠥᠷᠥᠭᠡ ᠤᠷᠤᠭᠤ ᠶᠠᠪᠤᠯ᠎ᠠ᠂ ᠥᠷᠥᠭᠡᠨ ᠳᠣᠲᠣᠷ᠎ᠠ ᠣᠪᠣᠭᠠᠯᠠᠰᠤ ᠲᠠᠢ ᠠᠯᠲᠠ ᠮᠥᠩᠭᠥᠨ ᠵᠣᠭᠣᠰ ᠪᠠᠢᠯ᠎ᠠ᠃
ᠰᠢᠳᠢᠲᠡᠨ᠄ ᠡᠨᠡ ᠠᠯᠲᠠ ᠮᠥᠩᠭᠥᠨ ᠵᠣᠭᠣᠰᠤᠨ ᠳᠡᠭᠡᠷ᠎ᠡ ᠥᠩᠬᠥᠷᠢ ᠂ ᠪᠠᠶᠠᠨ ᠳᠡᠭᠡᠷ᠎ᠡ ᠴᠢᠨᠢ ᠨᠠᠭᠠᠯᠳᠤᠭᠰᠠᠨ ᠵᠣᠭᠣᠰ ᠨᠤᠭᠤᠳ ᠴᠢᠨᠦᠬᠢ ᠪᠣᠯᠤᠨ᠎ᠠ᠃
ᠥᠬᠢᠨ ᠬᠡᠯᠡᠭᠰᠡᠨ ᠢ᠋ᠶ᠋ᠡᠷ ᠨᠢ ᠬᠢᠯ᠎ᠡ᠃ ᠣᠪᠣᠭᠠᠯᠠᠰᠤ ᠲᠠᠢ ᠠᠯᠲᠠᠨ ᠵᠣᠭᠣᠰᠤᠨ ᠳᠡᠭᠡᠷ᠎ᠡ ᠨᠠᠭᠠᠰᠢ ᠴᠠᠭᠠᠰᠢ ᠥᠩᠬᠥᠷᠢᠪᠡ᠂ ᠳᠠᠷᠠᠭ᠎ᠠ ᠨᠢ ᠮᠥᠩᠭᠥᠨ ᠵᠣᠭᠣᠰᠤᠨ ᠳᠡᠭᠡᠷ᠎ᠡ ᠥᠩᠬᠥᠷᠢᠯ᠎ᠡ᠃ ᠵᠣᠭᠣᠰᠤᠨ ᠪᠡᠶ᠎ᠡ ᠶ᠋ᠢ ᠨᠢ ᠪᠦᠷᠬᠦᠨ᠂ ᠥᠬᠢᠨ ᠶᠠᠭ ᠭᠢᠯᠲᠠᠭᠠᠨᠠᠭᠰᠠᠨ ᠣᠳᠣ ᠰᠢᠭ᠋ ᠬᠠᠷᠠᠭᠳᠠᠵᠤ ᠪᠠᠢᠪᠠ᠃ ᠰᠢᠳᠢᠲᠡᠨ ᠨᠥᠬᠥᠳ ᠲᠡᠢ ᠰᠠᠯᠬᠤ ᠶᠣᠰᠣᠲᠠᠢ ᠬᠢᠨ ᠳᠠᠯᠠᠯᠵᠤ ᠵᠠᠮ ᠳ᠋ᠤ᠌ ᠪᠠᠨ ᠭᠠᠷᠤᠯ᠎ᠠ᠃ ᠪᠤᠴᠠᠬᠤ ᠵᠠᠮ ᠳ᠋ᠤ᠌ ᠪᠠᠨ ᠤᠷᠢᠳ ᠨᠢ ᠲᠠᠭᠠᠷᠠᠵᠤ ᠭᠣᠣᠯ ᠤ᠋ᠨ ᠤᠰᠤᠨ ᠳ᠋ᠤ᠌ ᠤᠬᠢᠶᠠᠵᠤ ᠴᠡᠪᠡᠷᠯᠡᠭᠰᠡᠨ ᠨᠣᠬᠠᠢ ᠲᠠᠢ ᠪᠠᠨ ᠲᠠᠭᠠᠷᠠᠪᠠ᠃ ᠦᠰᠦᠨ ᠦ᠌ ᠬᠢᠨᠢ ᠣᠷᠣᠨ ᠳ᠋ᠤ᠌ ᠤᠷᠲᠤ ᠠ᠋ᠴᠠ ᠤᠷᠲᠤ ᠰᠤᠪᠤᠳ ᠪᠡᠶ᠎ᠡ ᠶ᠋ᠢ ᠨᠢ ᠣᠷᠢᠶᠠᠭᠰᠠᠨ ᠪᠠᠢᠪᠠ᠃
ᠨᠣᠬᠠᠢ᠄ ᠨᠡᠰᠢ ᠢᠷ᠎ᠡ ᠥᠬᠢᠨ ᠮᠢᠨᠢ᠂ ᠴᠢ ᠲᠤᠰᠠᠯᠠᠮᠵᠢ ᠬᠡᠷᠡᠭᠲᠡᠢ ᠦᠶ᠎ᠡ ᠳ᠋ᠦ᠍ ᠮᠢᠨᠢ ᠨᠠᠳᠠ ᠳ᠋ᠤ᠌ ᠲᠤᠰᠠᠯᠠᠭᠰᠠᠨ᠂ ᠨᠡᠰᠢ ᠢᠷ᠎ᠡ᠂ ᠮᠢᠨᠦ ᠰᠤᠪᠤᠳ ᠠ᠋ᠴᠠ ᠬᠦᠰᠡᠭᠰᠡᠨ ᠢ᠋ᠶ᠋ᠡᠷ ᠢ᠋ᠶ᠋ᠡᠨ ᠣᠯᠠᠨ ᠢ᠋ ᠠᠪ᠃
ᠥᠬᠢᠨ ᠭᠠᠷ ᠬᠥᠯ ᠬᠦᠵᠦᠭᠦᠦ ᠪᠡᠨ ᠲᠣᠭᠣᠷᠢᠭᠤᠯᠤᠨ ᠰᠤᠪᠤᠳ ᠢ᠋ᠶ᠋ᠠᠷ ᠪᠠᠭᠤᠪᠴᠢ ᠬᠦᠵᠦᠭᠦᠨ ᠦ᠌ ᠵᠡᠭᠦᠯᠲᠡ ᠬᠡᠯᠬᠢᠯ᠎ᠡ᠃ ᠨᠣᠬᠠᠢ ᠳ᠋ᠤ᠌ ᠲᠠᠯᠠᠷᠬᠠᠯ ᠢᠯᠡᠷᠬᠡᠢᠯᠡᠨ ᠴᠠᠭᠠᠰᠢ ᠠᠯᠬᠤᠯ᠎ᠠ᠃ ᠴᠠᠭᠠᠰᠢ ᠶᠠᠪᠤᠵᠤ ᠪᠠᠢᠲᠠᠯ᠎ᠠ ᠤᠷᠢᠳ ᠨᠢ ᠴᠡᠪᠡᠷᠯᠡᠵᠦ ᠪᠠᠢᠭᠰᠠᠨ ᠬᠤᠳᠳᠤᠭ ᠲᠠᠢ ᠲᠠᠭᠠᠷᠠᠯ᠎ᠠ᠃
ᠬᠤᠳᠳᠤᠭ᠄ ᠨᠠᠭᠠᠰᠢ ᠢᠷ᠎ᠡ ᠥᠬᠢᠨ ᠮᠢᠨᠢ ᠂ᠴᠢ ᠲᠤᠰᠠᠯᠠᠮᠵᠢ ᠬᠡᠷᠡᠭᠲᠡᠢ ᠦᠶ᠎ᠡ ᠳ᠋ᠦ᠍ ᠮᠢᠨᠢ ᠨᠠᠳᠠ ᠳ᠋ᠤ᠌ ᠲᠤᠰᠠᠯᠠᠭᠰᠠᠨ᠂ᠢᠷᠡᠭᠡᠳ ᠤᠰᠤᠨ ᠠ᠋ᠴᠠ ᠮᠢᠨᠢ ᠤᠤᠭᠤᠭᠠᠳ ᠴᠠᠩᠭᠠᠭ᠎ᠠ ᠪᠠᠨ ᠲᠠᠢᠯᠤᠭᠠᠴᠢ ᠳᠠ᠃
ᠬᠤᠳᠳᠤᠭ ᠤ᠋ᠨ ᠵᠡᠷᠭᠡᠯᠡᠳᠡᠭᠡ ᠠᠶᠠᠯᠠᠭᠴᠢᠳ ᠲᠤ᠌ ᠵᠣᠷᠢᠭᠤᠯᠤᠭᠰᠠᠨ ᠶᠡᠬᠡ ᠣᠯᠠᠨ ᠤᠰᠤᠨ ᠤ᠋ ᠳᠣᠮᠪᠣ ᠪᠠᠢᠯ᠎ᠠ᠃ ᠥᠬᠢᠨ ᠨᠢᠭᠡ ᠶ᠋ᠢ ᠨᠢ ᠠᠪᠴᠤ ᠤᠰᠤ ᠪᠠᠷ ᠳᠦᠭᠦᠷᠭᠡᠭᠡᠳ ᠴᠠᠩᠭᠠᠭ᠎ᠠ ᠪᠠᠨ ᠲᠠᠢᠯᠤᠭᠳᠠᠲᠠᠯ᠎ᠠ ᠤᠤᠭᠤᠪᠠ᠃ ᠬᠤᠳᠳᠤᠭ ᠲᠤ᠌ ᠲᠠᠯᠠᠷᠬᠠᠭᠰᠠᠨ ᠢ᠋ᠶ᠋ᠠᠨ ᠢᠯᠡᠷᠬᠡᠢᠯᠡᠭᠡᠳ ᠴᠠᠭᠠᠰᠢ ᠶᠠᠪᠤᠯ᠎ᠠ᠃ ᠴᠠᠭᠠᠰᠢ ᠶᠠᠪᠤᠵᠤ ᠪᠠᠢᠲᠠᠯ᠎ᠠ ᠤᠷᠢᠳ ᠨᠢ ᠲᠤᠰᠠᠯᠠᠭᠰᠠᠨ ᠵᠤᠤᠬ᠎ᠠ ᠲᠠᠢ ᠲᠠᠭᠠᠷᠠᠵᠠᠢ᠃
ᠵᠤᠤᠬ᠎ᠠ ᠄ᠨᠠᠭᠠᠰᠢ ᠢᠷ᠎ᠡ ᠥᠬᠢᠨ ᠮᠢᠨᠢ ᠂ᠴᠢ ᠲᠤᠰᠠᠯᠠᠮᠵᠢ ᠬᠡᠷᠡᠭᠲᠡᠢ ᠦᠶ᠎ᠡ ᠳ᠋ᠦ᠍ ᠮᠢᠨᠢ ᠨᠠᠳᠠ ᠳ᠋ᠤ᠌ ᠲᠤᠰᠠᠯᠠᠭᠰᠠᠨ᠂ ᠢᠷᠡᠭᠡᠳ ᠡᠨᠡ ᠰᠢᠨᠡᠬᠡᠨ ᠲᠠᠯᠬ᠎ᠠ ᠪᠢᠯᠠᠦ ᠡᠴᠡ ᠬᠦᠰᠡᠭᠰᠡᠨ ᠢ᠋ᠶ᠋ᠡᠷ ᠢ᠋ᠶ᠋ᠡᠨ ᠢᠳᠡ᠃
ᠥᠬᠢᠨ ᠴᠠᠳᠲᠠᠯ᠎ᠠ ᠪᠠᠨ ᠢᠳᠡᠵᠦ᠂ᠠᠪᠤ ᠳ᠋ᠤ᠌ ᠪᠠᠨ ᠴᠤ᠌ ᠲᠠᠯᠬ᠎ᠠ ᠪᠢᠯᠠᠤ ᠪᠤᠭᠤᠨ ᠠᠪᠴᠠᠢ ᠭᠡᠨ᠎ᠡ᠃ ᠵᠤᠤᠬᠠᠨ ᠳ᠋ᠤ᠌ ᠲᠠᠯᠠᠷᠬᠠᠭᠰᠠᠨ ᠢ᠋ᠶ᠋ᠠᠨ ᠢᠯᠡᠷᠬᠡᠢᠯᠡᠭᠡᠳ ᠴᠠᠭᠠᠰᠢ ᠶᠠᠪᠤᠯ᠎ᠠ᠃ ᠤᠳᠠᠯ ᠦᠭᠡᠢ ᠥᠬᠢᠨ ᠬᠥᠷᠥᠰᠥ ᠶ᠋ᠢ ᠨᠢ ᠰᠤᠯᠠᠯᠠᠬᠤ ᠳ᠋ᠤ᠌ ᠲᠤᠰᠠᠯᠠᠭᠰᠠᠨ ᠣᠷᠢᠶᠠᠩᠭᠤ ᠲᠠᠢ ᠲᠠᠭᠠᠷᠠᠪᠠ᠃
ᠣᠷᠢᠶᠠᠩᠭᠤ᠄ᠨᠠᠭᠠᠰᠢ ᠢᠷ᠎ᠡ ᠥᠬᠢᠨ ᠮᠢᠨᠢ ᠂ᠴᠢ ᠲᠤᠰᠠᠯᠠᠮᠵᠢ ᠬᠡᠷᠡᠭᠲᠡᠢ ᠦᠶ᠎ᠡ ᠳ᠋ᠦ᠍ ᠮᠢᠨᠢ ᠨᠠᠳᠠ ᠳ᠋ᠤ᠌ ᠲᠤᠰᠠᠯᠠᠭᠰᠠᠨ᠂ ᠢᠷᠡᠭᠡᠳ ᠰᠢᠨᠡᠬᠡᠨ ᠤᠰᠤᠨ ᠦᠵᠦᠮ ᠦ᠋ᠨ ᠰᠢᠭᠦᠰᠦ ᠡᠴᠡ ᠤᠤᠭᠤᠭᠠᠴᠢ᠃ ᠥᠬᠢᠨ ᠤᠰᠤᠨ ᠦᠵᠦᠮ ᠦ᠋ᠨ ᠰᠢᠭᠦᠰᠦ ᠡᠴᠡ ᠬᠦᠰᠡᠭᠰᠡᠨ ᠢ᠋ᠶ᠋ᠡᠷ ᠢ᠋ᠶ᠋ᠡᠨ ᠤᠤᠭᠤᠵᠤ ᠮᠥᠨ ᠠᠪᠤ ᠳ᠋ᠤ᠌ ᠪᠠᠨ ᠥᠭᠬᠦ ᠪᠡᠷ ᠳᠣᠮᠪᠣ ᠳ᠋ᠤ᠌ ᠪᠠᠨ ᠬᠢᠯ᠎ᠡ᠃ᠣᠷᠢᠶᠠᠩᠭᠤ ᠳ᠋ᠤ᠌ ᠲᠠᠯᠠᠷᠬᠠᠭᠰᠠᠨ ᠢ᠋ᠶ᠋ᠠᠨ ᠢᠯᠡᠷᠬᠡᠢᠯᠡᠭᠡᠳ ᠴᠠᠭᠠᠰᠢ ᠠᠯᠬᠤᠪᠠ᠃ ᠴᠠᠭᠠᠰᠢ ᠶᠠᠪᠤᠵᠤ ᠪᠠᠢᠲᠠᠯ᠎ᠠ ᠤᠷᠢᠳ ᠨᠢ ᠲᠤᠰᠠᠯᠠᠭᠰᠠᠨ ᠮᠣᠳᠣ ᠲᠠᠢ ᠲᠠᠭᠠᠷᠠᠵᠠᠢ ᠭᠡᠨ᠎ᠡ᠃ ᠮᠣᠳᠣ ᠨᠣᠭᠣᠭᠠᠷᠠᠵᠤ ᠳᠦᠭᠦᠷᠡᠩ ᠯᠢᠷ(ᠠᠯᠢᠮ᠎ᠠ)ᠤᠷᠭᠤᠭᠤᠯᠤᠭᠰᠠᠨ ᠪᠠᠢᠯ᠎ᠠ᠃
ᠮᠣᠳᠣ᠄ᠨᠠᠭᠠᠰᠢ ᠢᠷ᠎ᠡ ᠥᠬᠢᠨ ᠮᠢᠨᠢ ᠂ᠴᠢ ᠲᠤᠰᠠᠯᠠᠮᠵᠢ ᠬᠡᠷᠡᠭᠲᠡᠢ ᠦᠶ᠎ᠡ ᠳ᠋ᠦ᠍ ᠮᠢᠨᠢ ᠨᠠᠳᠠ ᠳ᠋ᠤ᠌ ᠲᠤᠰᠠᠯᠠᠭᠰᠠᠨ᠂ ᠢᠷᠡᠭᠡᠳ ᠮᠢᠨᠦ ᠤᠷᠭᠤᠭᠤᠯᠤᠭᠰᠠᠨ ᠰᠢᠨᠡᠬᠡᠨ ᠯᠢᠷ(ᠠᠯᠢᠮ᠎ᠠ)ᠠ᠋ᠴᠠ ᠢᠳᠡᠭᠡᠴᠢ ᠳᠡ᠃
ᠥᠬᠢᠨ ᠯᠢᠷ(ᠠᠯᠢᠮ᠎ᠠ)ᠠ᠋ᠴᠠ ᠬᠦᠰᠡᠭᠰᠡᠨ ᠢ᠋ᠶ᠋ᠡᠷ ᠢ᠋ᠶ᠋ᠡᠨ ᠢᠳᠡᠵᠦ ᠮᠥᠨ ᠠᠪᠤ ᠳ᠋ᠤ᠌ ᠪᠠᠨ ᠥᠭᠬᠦ ᠪᠡᠷ ᠠᠪᠴᠠᠢ ᠭᠡᠨ᠎ᠡ᠃ᠮᠣᠳᠣᠨ ᠳ᠋ᠤ᠌ ᠲᠠᠯᠠᠷᠬᠠᠭᠰᠠᠨ ᠢ᠋ᠶ᠋ᠠᠨ ᠢᠯᠡᠷᠬᠡᠢᠯᠡᠭᠡᠳ ᠴᠠᠭᠠᠰᠢ ᠶᠠᠪᠤᠯ᠎ᠠ᠃
ᠥᠬᠢᠨ ᠭᠡᠷ ᠲᠦ᠍ ᠪᠡᠨ ᠡᠷᠭᠢᠵᠦ ᠢᠷᠡᠨ ᠠᠪᠤ ᠶ᠋ᠢ ᠪᠡᠨ ᠬᠠᠷᠠᠭᠠᠳ ᠶᠡᠬᠡᠳᠡ ᠪᠠᠶᠠᠷᠯᠠᠪᠠ᠃
ᠠᠪᠤ ᠶ᠋ᠢᠨ ᠬᠢᠨᠢ ᠪᠡᠶ᠎ᠡ ᠲᠡᠩᠬᠡᠷᠡᠵᠦ ᠥᠬᠢᠨ ᠢ᠋ᠶ᠋ᠡᠨ ᠬᠠᠭᠠᠯᠭᠠᠨ ᠳᠡᠭᠡᠷ᠎ᠡ ᠪᠡᠨ ᠬᠦᠯᠢᠶᠡᠨ ᠵᠣᠭᠰᠣᠵᠤ ᠪᠠᠢᠵᠠᠢ᠃ ᠥᠬᠢᠨ ᠠᠪᠤ ᠤᠷᠤᠭᠤ ᠪᠠᠨ ᠭᠦᠶᠦᠨ ᠣᠴᠢᠵᠤ ᠴᠢᠩᠭ᠎ᠠ ᠲᠡᠪᠡᠷᠢᠪᠡ᠃ ᠬᠣᠢᠲᠤ ᠡᠵᠢ ᠨᠢ ᠨᠥᠬᠥᠷ ᠢ᠋ᠶ᠋ᠡᠨ ᠡᠷᠡᠭᠦᠯ ᠰᠠᠷᠠᠭᠤᠯ᠂ ᠥᠬᠢᠨ ᠢ᠋ ᠪᠠᠶᠠᠨ ᠴᠢᠨᠡᠭᠡᠯᠢᠭ ᠪᠣᠯᠤᠭᠰᠠᠨ ᠢ᠋ ᠬᠠᠷᠠᠭᠠᠳ ᠶᠡᠬᠡᠳᠡ ᠭᠠᠢᠬᠠᠪᠠ᠃ ᠥᠬᠢᠨ ᠲᠣᠯᠣᠭᠠᠢ ᠠ᠋ᠴᠠ ᠪᠠᠨ ᠬᠥᠯ ᠬᠦᠷᠲᠡᠯ᠎ᠡ ᠪᠡᠨ ᠠᠯᠲᠠ ᠮᠥᠩᠭᠥ ᠰᠤᠪᠤᠳ ᠢ᠋ᠶ᠋ᠠᠷ ᠭᠣᠶᠣᠯᠠᠭᠰᠠᠨ ᠪᠠᠢᠯ᠎ᠠ᠃ ᠭᠡᠷ ᠦ᠋ᠨ ᠡᠵᠡᠭᠲᠡᠢ ᠶ᠋ᠢ ᠦᠯᠦ ᠲᠣᠭᠣᠨ ᠠᠪᠤ ᠥᠬᠢᠨ ᠬᠣᠶᠠᠷ ᠭᠡᠷ ᠲᠦ᠍ ᠪᠡᠨ ᠣᠷᠣᠯ᠎ᠠ᠃ ᠭᠡᠷ ᠦ᠋ᠨ ᠡᠵᠡᠭᠲᠡᠢ ᠨᠥᠬᠥᠷ ᠢ᠋ ᠪᠡᠨ ᠥᠪᠡᠷ ᠲᠦ᠍ ᠨᠢ ᠶᠠᠭᠤ ᠴᠤ᠌ ᠥᠭᠬᠦ ᠦᠭᠡᠢ ᠭᠡᠳᠡᠭ ᠢ᠋ ᠤᠬᠠᠭᠠᠷᠠᠯ᠎ᠠ᠃ᠲᠡᠷᠡ ᠳᠠᠷᠤᠢ ᠳ᠋ᠤ᠌ ᠲᠥᠷᠥᠭᠰᠡᠨ ᠥᠬᠢᠨ ᠢ᠋ᠶ᠋ᠡᠨ ᠳᠠᠭᠤᠳᠠᠨ ᠪᠠᠶᠠᠨ ᠠᠢᠯ ᠳ᠋ᠤ᠌ ᠣᠴᠢᠵᠤ ᠠᠵᠢᠯ ᠬᠢ ᠭᠡᠮᠡᠨ ᠱᠠᠭᠠᠷᠳᠠᠯ᠎ᠠ᠃
ᠡᠵᠡᠭᠲᠡᠢ ᠄ ᠮᠢᠨᠦ ᠦᠭᠡ ᠶ᠋ᠢ ᠰᠣᠨᠣᠰ᠂ ᠴᠢ ᠲᠡᠭᠦᠨ ᠡᠴᠡ ᠢᠯᠡᠭᠦᠦ ᠶᠡᠬᠡ ᠶ᠋ᠢ ᠣᠯᠬᠤ ᠶᠣᠰᠣᠲᠠᠢ᠂ ᠪᠢ ᠴᠢᠮ᠎ᠠ ᠳ᠋ᠤ᠌ ᠢᠲᠡᠭᠡᠵᠦ ᠪᠠᠢᠨ᠎ᠠ᠂ ᠲᠡᠷᠡ ᠰᠤᠪᠤᠳ ᠲᠠᠢ ᠪᠣᠯᠤᠭᠰᠠᠨ᠂ ᠬᠠᠷᠢᠨ ᠴᠢ ᠨᠠᠳᠠ ᠳ᠋ᠤ᠌ ᠡᠷᠳᠡᠨᠢ ᠶ᠋ᠢᠨ ᠴᠢᠯᠠᠭᠤ ᠠᠪᠴᠢᠷᠠ᠃
ᠥᠬᠢᠨ ᠡᠵᠢ ᠲᠡᠢ ᠪᠡᠨ ᠰᠠᠯᠬᠤ ᠶᠣᠰᠣ ᠬᠢᠨ ᠳᠠᠯᠠᠯᠵᠤ ᠵᠠᠮ ᠳ᠋ᠤ᠌ ᠪᠠᠨ ᠭᠠᠷᠤᠯ᠎ᠠ᠃ ᠤᠳᠠᠯ ᠦᠭᠡᠢ ᠥᠬᠢᠨ ᠪᠦᠬᠦᠯᠢ ᠳ᠋ᠦ᠍ ᠪᠡᠨ ᠬᠠᠲᠠᠵᠤ ᠬᠣᠷᠴᠢᠢᠬᠰᠠᠨ ᠮᠣᠳᠣ ᠲᠠᠢ ᠲᠠᠭᠠᠷᠠᠵᠠᠢ᠃ ᠮᠣᠳᠣ ᠬᠠᠲᠠᠭᠰᠠᠨ ᠮᠥᠴᠢᠷ ᠡᠴᠡ ᠪᠡᠨ ᠰᠠᠯᠬᠤ ᠳ᠋ᠤ᠌ ᠮᠢᠨᠢ ᠲᠤᠰᠠᠯᠠᠪᠠᠯ ᠬᠠᠷᠢᠭᠤ ᠳ᠋ᠤ᠌ ᠨᠢ ᠪᠢ ᠴᠢᠮ᠎ᠠ ᠳ᠋ᠤ᠌ ᠲᠤᠰᠠᠯᠠᠬᠤ ᠪᠣᠯᠤᠨ᠎ᠠ ᠭᠡᠵᠦ ᠥᠬᠢᠨ ᠳ᠋ᠦ᠍ ᠬᠡᠯᠡᠪᠡ᠃
ᠥᠬᠢᠨ᠄ ᠠ ! ᠨᠠᠳᠠ ᠪᠠᠷ ᠳᠠᠭᠠᠵᠢᠩᠨᠠᠭᠠᠳ ᠪᠠᠢᠨ᠎ᠠ ᠤᠤ? ᠪᠢ ᠴᠢᠨᠦ ᠬᠠᠲᠠᠭᠰᠠᠨ ᠮᠥᠴᠢᠷ ᠢ᠋ ᠰᠠᠯᠭᠠᠵᠤ᠂ ᠴᠡᠪᠡᠷᠬᠡᠨ ᠲᠣᠯᠢᠭᠠᠷ ᠭᠠᠷ ᠬᠥᠯ ᠢ᠋ᠶ᠋ᠡᠨ ᠪᠤᠬᠢᠷᠳᠤᠭᠤᠯᠬᠤ ᠦᠭᠡᠢ ᠰᠢᠦ᠂ ᠶᠠᠭᠠᠬᠢᠭᠰᠠᠨ ᠴᠤ᠌ ᠦᠭᠡᠢ᠃ ᠥᠬᠢᠨ ᠴᠠᠭᠠᠰᠢ ᠠᠯᠬᠤᠯ᠎ᠠ᠃ ᠤᠳᠠᠯ ᠦᠭᠡᠢ ᠲᠡᠷᠡ ᠪᠠᠷ ᠦᠬᠦᠵᠦ ᠪᠣᠢ ᠤᠰᠤᠨ ᠦᠵᠦᠮ ᠦ᠋ᠨ ᠣᠷᠢᠶᠠᠩᠭᠤ ᠲᠠᠢ ᠲᠠᠭᠠᠷᠠᠪᠠ᠃ ᠣᠷᠢᠶᠠᠩᠭᠤ ᠥᠬᠢᠨ ᠳ᠋ᠦ᠍ ᠦᠨᠳᠦᠰᠦ ᠶ᠋ᠢ ᠮᠢᠨᠢ ᠢᠯᠡ ᠪᠣᠯᠭᠠᠵᠤ ᠥᠭᠭᠦᠭᠡᠴᠢ ᠂ ᠲᠡᠭᠡᠪᠡᠯ ᠬᠠᠷᠢᠭᠤ ᠳ᠋ᠤ᠌ ᠨᠢ ᠲᠤᠰᠠ ᠪᠣᠯᠤᠨ᠎ᠠ ᠰᠢᠦ ᠭᠡᠵᠦ ᠬᠡᠯᠡᠯ᠎ᠡ᠃
ᠥᠬᠢᠨ᠄ ᠭᠠᠳᠠᠭ᠎ᠠ ᠡᠢᠮᠦ ᠰᠢᠲᠠᠮ᠎ᠠ ᠬᠠᠯᠠᠭᠤᠨ ᠪᠠᠢᠬᠤ ᠳ᠋ᠤ᠌᠂ ᠪᠢ ᠴᠡᠪᠡᠷᠬᠡᠨ ᠲᠣᠯᠢᠭᠠᠷ ᠭᠠᠷ ᠬᠥᠯ ᠢ᠋ᠶ᠋ᠡᠨ ᠦᠬᠦᠵᠦ ᠪᠠᠢᠭ᠎ᠠ ᠦᠨᠳᠦᠰᠦ ᠶ᠋ᠢ ᠴᠢᠨᠢ ᠴᠡᠪᠡᠷᠯᠡᠵᠦ ᠪᠤᠬᠢᠷᠳᠤᠭᠤᠯᠮᠠᠷ ᠦᠭᠡᠢ ᠪᠠᠢᠨ᠎ᠠ ᠰᠢᠦ᠂ ᠶᠠᠭᠠᠬᠢᠭᠰᠠᠨ ᠴᠤ᠌ ᠦᠭᠡᠢ ᠭᠡᠵᠦ ᠬᠡᠯᠡᠭᠡᠳ ᠴᠠᠭᠠᠰᠢ ᠠᠯᠬᠤᠪᠠ᠃ ᠤᠳᠠᠯ ᠦᠭᠡᠢ ᠥᠬᠢᠨ ᠡᠪᠳᠡᠷᠬᠡᠢ ᠵᠤᠤᠬ᠎ᠠ ᠲᠠᠢ ᠲᠠᠭᠠᠷᠠᠯᠳᠤᠪᠠ᠃ ᠵᠤᠤᠬ᠎ᠠ ᠥᠬᠢᠨ ᠡᠴᠡ ᠲᠤᠰᠠᠯᠠᠮᠵᠢ ᠬᠦᠰᠡᠨ ᠬᠠᠷᠢᠭᠤ ᠳ᠋ᠤ᠌ ᠨᠢ ᠲᠤᠰᠠᠯᠠᠬᠤ ᠪᠠᠨ ᠠᠮᠠᠯᠠᠯ᠎ᠠ᠃ ᠪᠢ ᠴᠡᠪᠡᠷᠬᠡᠨ ᠲᠣᠯᠢᠭᠠᠷ ᠭᠠᠷ ᠬᠥᠯ ᠢ᠋ᠶ᠋ᠡᠨ ᠶᠠᠭᠠᠬᠢᠭᠰᠠᠨ ᠴᠤ᠌ ᠪᠤᠬᠢᠷᠳᠤᠭᠤᠯᠵᠤ ᠴᠢᠳᠠᠬᠤ ᠦᠭᠡᠢ ᠃ ᠴᠠᠭᠠᠰᠢ ᠠᠯᠬᠤᠨ ᠪᠣᠬᠢᠷ ᠬᠤᠳᠳᠤᠭ ᠲᠠᠢ ᠲᠠᠭᠠᠷᠠᠪᠠ᠃ ᠬᠤᠳᠳᠤᠭ ᠥᠬᠢᠨ ᠡᠴᠡ ᠥᠪᠡᠷ ᠢ᠋ ᠨᠢ ᠴᠡᠪᠡᠷᠯᠡᠬᠦ ᠶ᠋ᠢ ᠭᠤᠶᠤᠨ ᠬᠠᠷᠢᠭᠤ ᠳ᠋ᠤ᠌ ᠨᠢ ᠲᠤᠰᠠᠯᠠᠬᠤ ᠪᠠᠨ ᠠᠮᠠᠯᠠᠪᠠ᠃ᠥᠬᠢᠨ ᠴᠢ ᠴᠢᠨᠢ ᠬᠤᠳᠳᠤᠭ ᠪᠢᠵᠡ ᠳᠡ᠂ ᠥᠪᠡᠷ ᠢ᠋ᠶ᠋ᠡᠨ ᠥᠪᠡᠷ ᠢ᠋ ᠪᠡᠨ ᠴᠡᠪᠡᠷᠯᠡ᠂ ᠪᠢ ᠴᠡᠪᠡᠷᠬᠡᠨ ᠲᠣᠯᠢᠭᠠᠷ ᠭᠠᠷ ᠬᠥᠯ ᠢ᠋ᠶ᠋ᠡᠨ ᠶᠠᠭᠠᠬᠢᠭᠰᠠᠨ ᠴᠤ᠌ ᠪᠤᠬᠢᠷᠳᠤᠭᠤᠯᠵᠤ ᠴᠢᠳᠠᠬᠤ ᠦᠭᠡᠢ ᠃ ᠴᠠᠭᠠᠰᠢ ᠠᠯᠬᠤᠭᠰᠠᠭᠠᠷ ᠨᠣᠬᠠᠢ ᠲᠠᠭᠠᠷᠠᠪᠠ᠃ ᠨᠣᠬᠠᠢ ᠥᠪᠡᠷ ᠢ᠋ ᠨᠢ ᠤᠰᠤᠨ ᠳ᠋ᠤ᠌ ᠣᠷᠣᠭᠤᠯᠬᠤ ᠶ᠋ᠢ ᠭᠤᠶᠤᠨ ᠬᠠᠷᠢᠭᠤ ᠳ᠋ᠤ᠌ ᠨᠢ ᠲᠤᠰᠠᠯᠠᠬᠤ ᠪᠠᠨ ᠠᠮᠠᠯᠠᠪᠠ᠃ᠥᠬᠢᠨ ᠴᠡᠪᠡᠷᠬᠡᠨ ᠲᠣᠯᠢᠭᠠᠷ ᠭᠠᠷ ᠬᠥᠯ ᠢ᠋ᠶ᠋ᠡᠨ ᠶᠠᠭᠠᠬᠢᠭᠰᠠᠨ ᠴᠤ᠌ ᠪᠤᠬᠢᠷᠳᠤᠭᠤᠯᠵᠤ ᠴᠢᠳᠠᠬᠤ ᠦᠭᠡᠢ ᠭᠡᠵᠦ ᠴᠢᠩᠭ᠎ᠠ ᠣᠷᠢᠯᠠᠨ ᠴᠠᠭᠠᠰᠢ ᠭᠦᠶᠦᠨ ᠣᠳᠤᠯ᠎ᠠ᠃ ᠤᠳᠠᠯ ᠦᠭᠡᠢ ᠲᠡᠷᠡ ᠪᠡᠷ ᠨᠢᠭᠡ ᠪᠠᠢᠰᠢᠩ ᠤ᠋ᠨ ᠡᠮᠦᠨ᠎ᠡ ᠲᠤᠯᠵᠤ ᠢᠷᠡᠨ ᠲᠡᠨᠳᠡ ᠬᠣᠨᠣᠵᠤ ᠪᠣᠯᠬᠤ ᠤᠤ ᠭᠡᠮᠡᠨ ᠠᠰᠠᠭᠤᠪᠠ᠃ ᠲᠡᠷᠡ ᠪᠠᠢᠰᠢᠩ ᠳ᠋ᠤ᠌ ᠳᠣᠯᠣᠭᠠᠨ ᠰᠢᠳᠢᠲᠡᠨ ᠠᠮᠢᠳᠤᠷᠠᠳᠠᠭ ᠪᠠᠢᠵᠠᠢ᠃ ᠤᠷᠢᠳ ᠤ᠋ᠨ ᠠᠳᠠᠯᠢ ᠰᠢᠳᠢᠲᠡᠨ ᠨᠦ᠍ᠭᠦᠳ ᠥᠬᠢᠨ ᠡᠴᠡ ᠭᠡᠷ ᠲᠦ᠍ ᠨᠢ ᠨᠢᠭᠡ ᠵᠢᠯ ᠠᠵᠢᠯᠯᠠᠵᠤ᠂ ᠡᠳᠦᠷ ᠪᠣᠯᠭᠠᠨ ᠵᠢᠷᠭᠤᠭᠠᠨ ᠥᠷᠥᠭᠡ ᠶ᠋ᠢ ᠨᠢ ᠴᠡᠪᠡᠷᠯᠡᠬᠦ ᠶ᠋ᠢ ᠰᠠᠨᠠᠯ ᠪᠣᠯᠭᠠᠯ᠎ᠠ᠃ ᠮᠠᠷᠲᠠᠵᠤ ᠪᠣᠯᠬᠤ ᠦᠭᠡᠢ ᠰᠢᠦ᠂ ᠳᠣᠯᠣᠳᠠᠬᠢ ᠥᠷᠥᠭᠡᠨ ᠳ᠋ᠦ᠍ ᠬᠡᠵᠢᠶ᠎ᠡ ᠴᠦ᠍ ᠪᠢᠲᠡᠭᠡᠢ ᠣᠷᠣ᠃ ᠥᠬᠢᠨ ᠵᠥᠪᠰᠢᠶᠡᠷᠡᠯ᠎ᠡ᠃ 
ᠡᠳᠦᠷ ᠪᠦᠷᠢ ᠡᠷᠲᠡᠯᠡᠨ ᠪᠣᠰᠴᠤ ᠵᠢᠷᠭᠤᠭᠠᠨ ᠥᠷᠥᠭᠡ ᠶ᠋ᠢ ᠨᠢᠭᠡᠳ ᠨᠢᠭᠡᠨ ᠦᠭᠡᠢ ᠴᠡᠪᠡᠷᠯᠡᠳᠡᠭ ᠪᠠᠢᠪᠠ᠃ ᠭᠡᠪᠡᠴᠦ ᠲᠡᠷᠡ ᠪᠡᠷ ᠰᠣᠨᠢᠭᠤᠴᠢ ᠵᠠᠩ ᠳ᠋ᠤ᠌ ᠪᠠᠨ ᠲᠠᠢᠯᠳᠠᠨ ᠳᠣᠯᠣᠳᠠᠬᠢ ᠥᠷᠥᠭᠡᠨ ᠳ᠋ᠦ᠍ ᠶᠠᠪᠤᠵᠤ ᠣᠷᠣᠯ᠎ᠠ᠃ ᠥᠷᠥᠭᠡᠨ ᠳᠣᠲᠣᠷ᠎ᠠ ᠬᠠᠷᠠᠩᠭᠤᠢ ᠪᠠᠢᠪᠠ᠃ ᠠᠯᠲᠠᠨ ᠮᠥᠩᠭᠥᠨ ᠵᠣᠭᠣᠰᠤᠨ ᠤ᠋ ᠣᠷᠣᠨ ᠳ᠋ᠤ᠌ ᠪᠠᠬ᠎ᠠ ᠮᠡᠯᠡᠬᠡᠢ᠂ᠵᠥᠭᠡᠢ ᠪᠡᠷ ᠳᠦᠭᠦᠷᠡᠩ ᠪᠠᠢᠵᠠᠢ ᠭᠡᠨ᠎ᠡ᠃ ᠵᠥᠭᠡᠢ ᠨᠦ᠍ᠭᠦᠳ ᠲᠡᠭᠦᠨ ᠢ᠋ ᠬᠠᠳᠬᠤᠨ ᠪᠡᠶ᠎ᠡ ᠪᠡᠷ ᠨᠢ ᠳᠦᠭᠦᠷᠡᠩ ᠰᠢᠷᠬ᠎ᠠ ᠪᠣᠯᠪᠠ᠃ ᠰᠢᠳᠢᠲᠡᠨ ᠨᠦ᠍ᠭᠦᠳ ᠦ᠋ᠨ ᠢᠷᠡᠬᠦ ᠶ᠋ᠢ ᠬᠦᠯᠢᠶᠡᠯ ᠦᠭᠡᠢ ᠥᠬᠢᠨ ᠪᠠᠢᠰᠢᠩ ᠠ᠋ᠴᠠ ᠭᠠᠷᠤᠨ ᠵᠢᠭᠤᠲᠠᠵᠠᠢ᠃ ᠪᠤᠴᠠᠬᠤ ᠵᠠᠮ ᠳ᠋ᠤ᠌ ᠪᠠᠨ ᠰᠤᠪᠤᠳ ᠢ᠋ᠶ᠋ᠠᠷ ᠪᠡᠶ᠎ᠡ ᠪᠡᠨ ᠣᠷᠢᠶᠠᠭᠰᠠᠨ ᠨᠣᠬᠠᠢ ᠲᠠᠢ ᠲᠠᠭᠠᠷᠠᠪᠠ᠃ ᠰᠤᠪᠤᠳ ᠠ᠋ᠴᠠ ᠨᠢ ᠠᠪᠬᠤ ᠪᠠᠷ ᠨᠣᠬᠠᠢ ᠶ᠋ᠢᠨ ᠠᠷᠤ ᠠ᠋ᠴᠠ ᠳᠠᠭᠤᠨ ᠭᠦᠶᠦᠭᠰᠡᠨ ᠴᠦ᠍ ᠨᠣᠬᠠᠢ ᠶᠠᠪᠤᠵᠤ ᠣᠳᠤᠯ᠎ᠠ᠃ ᠴᠠᠭᠠᠰᠢ ᠶᠠᠪᠤᠵᠤ ᠪᠠᠢᠭᠠᠳ ᠤᠷᠢᠳ ᠨᠢ ᠴᠡᠪᠡᠷᠯᠡᠬᠦ ᠡᠴᠡ ᠲᠠᠲᠠᠭᠠᠯᠵᠠᠭᠰᠠᠨ ᠬᠤᠳᠳᠤᠭ ᠲᠤ᠌ ᠲᠤᠯᠵᠤ ᠢᠷᠡᠯ᠎ᠡ᠃ ᠤᠤᠭᠤᠬᠤ ᠤᠰᠤ ᠠᠪᠬᠤ ᠪᠠᠷ ᠳᠣᠭᠣᠭᠰᠢ ᠲᠣᠩᠭᠣᠢᠲᠠᠯ᠎ᠠ ᠬᠤᠳᠳᠤᠭ ᠤ᠋ᠨ ᠤᠰᠤ ᠳᠣᠭᠣᠭᠰᠢᠯᠠᠭᠰᠠᠭᠠᠷ ᠥᠬᠢᠨ ᠬᠦᠷᠴᠦ ᠴᠢᠳᠠᠬᠤ ᠦᠭᠡᠢ ᠪᠣᠯᠪᠠ᠃ ᠴᠠᠭᠠᠰᠢ ᠶᠠᠪᠤᠵᠤ ᠪᠠᠢᠭᠠᠳ ᠤᠷᠢᠳ ᠨᠢ ᠠᠩ ᠴᠠᠪᠠ ᠶ᠋ᠢ ᠨᠢ ᠵᠠᠰᠠᠬᠤ ᠠ᠋ᠴᠠ ᠲᠠᠲᠠᠭᠠᠯᠵᠠᠭᠰᠠᠨ ᠵᠤᠤᠬ᠎ᠠ ᠲᠠᠢ ᠲᠠᠭᠠᠷᠠᠪᠠ᠃ ᠵᠤᠤᠬᠠᠨ ᠤ᠋ ᠳᠡᠷᠭᠡᠳᠡ ᠰᠢᠨᠡᠬᠡᠨ ᠲᠠᠯᠬ᠎ᠠ ᠪᠢᠯᠠᠤ ᠥᠷᠥᠭᠡᠰᠦᠲᠡᠢ ᠪᠠᠢᠭᠰᠠᠨ ᠴᠤ᠌ ᠥᠬᠢᠨ ᠠᠪᠬᠤ ᠪᠠᠷ ᠭᠠᠷ ᠢ᠋ᠶ᠋ᠠᠨ ᠰᠤᠩᠭᠠᠲᠠᠯ᠎ᠠ ᠵᠤᠤᠬ᠎ᠠ ᠭᠠᠷ ᠢ᠋ ᠨᠢ ᠲᠦᠯᠡᠵᠦ ᠣᠷᠬᠢᠪᠠ᠃ ᠴᠠᠭᠠᠰᠢ ᠶᠠᠪᠤᠵᠤ ᠪᠠᠢᠭᠠᠳ ᠤᠷᠢᠳ ᠨᠢ ᠬᠥᠷᠥᠰᠥ ᠶ᠋ᠢ ᠨᠢ ᠢᠯᠡ ᠭᠠᠷᠭᠠᠬᠤ ᠠ᠋ᠴᠠ ᠲᠠᠲᠠᠭᠠᠯᠵᠠᠭᠰᠠᠨ ᠤᠰᠤᠨ ᠦᠵᠦᠮ ᠦ᠋ᠨ ᠣᠷᠢᠶᠠᠩᠭᠤ ᠲᠠᠢ ᠲᠠᠭᠠᠷᠠᠵᠠᠢ᠃ ᠥᠬᠢᠨ ᠮᠠᠰᠢ ᠶᠡᠬᠡ ᠴᠠᠩᠭᠠᠭᠰᠠᠨ ᠪᠠᠢᠭᠰᠠᠨ ᠴᠤ᠌ ᠣᠷᠢᠶᠠᠩᠭᠤ ᠤᠰᠤᠨ ᠦᠵᠦᠮ ᠦ᠋ᠨ ᠰᠢᠭᠦᠰᠦ ᠥᠭᠭᠦᠭᠰᠡᠨ ᠦᠭᠡᠢ᠃ ᠴᠠᠭᠠᠰᠢ ᠠᠯᠬᠤᠭᠰᠠᠭᠠᠷ ᠤᠷᠢᠳ ᠨᠢ ᠲᠤᠰᠠᠯᠠᠬᠤ ᠠ᠋ᠴᠠ ᠲᠠᠲᠠᠭᠠᠯᠵᠠᠭᠰᠠᠨ ᠮᠣᠳᠣ ᠲᠠᠢ ᠲᠠᠭᠠᠷᠠᠪᠠ ᠭᠡᠨ᠎ᠡ᠃ ᠮᠣᠳᠣ ᠨᠣᠭᠣᠭᠠᠷᠠᠵᠤ ᠰᠢᠨᠡᠬᠡᠨ ᠯᠢᠷ( ᠠᠯᠢᠮ᠎ᠠ)ᠤᠷᠭᠤᠭᠤᠯᠤᠭᠰᠠᠨ ᠪᠠᠢᠯ᠎ᠠ᠃ ᠭᠡᠪᠡᠴᠦ ᠥᠬᠢᠨ ᠯᠢᠷ(ᠠᠯᠢᠮ᠎ᠠ)ᠠᠪᠬᠤ ᠪᠠᠷ ᠭᠠᠷ ᠢ᠋ᠶ᠋ᠠᠨ ᠰᠤᠩᠭᠠᠲᠠᠯ᠎ᠠ ᠮᠣᠳᠣ ᠳᠡᠭᠡᠭᠰᠢᠯᠡᠨ ᠥᠬᠢᠨ ᠵᠢᠮᠢᠰᠦᠨ ᠳ᠋ᠦ᠍ ᠬᠦᠷᠴᠦ ᠴᠢᠳᠠᠬᠤ ᠦᠭᠡᠢ ᠪᠣᠯᠪᠠ᠃ ᠥᠬᠢᠨ ᠴᠠᠭᠠᠰᠢ ᠠᠯᠬᠤᠯ᠎ᠠ᠃ᠭᠡᠷ ᠲᠦ᠍ ᠪᠡᠨ ᠢᠷᠡᠲᠡᠯ᠎ᠡ ᠡᠵᠢ ᠨᠢ ᠠᠯᠲᠠ ᠡᠷᠳᠡᠨᠢ ᠶ᠋ᠢᠨ ᠴᠢᠯᠠᠭᠤ ᠲᠠᠢ ᠢᠷᠡᠬᠦ ᠤᠴᠢᠷ ᠲᠠᠢ ᠪᠠᠢᠭᠰᠠᠨ ᠥᠬᠢᠨ ᠢ᠋ᠶ᠋ᠡᠨ ᠬᠦᠯᠢᠶᠡᠨ ᠬᠠᠭᠠᠯᠭᠠᠨ ᠳᠡᠭᠡᠷ᠎ᠡ ᠪᠡᠨ ᠵᠣᠭᠰᠣᠵᠤ ᠪᠠᠢᠪᠠ᠃ ᠭᠡᠲᠡᠯ᠎ᠡ ᠥᠬᠢᠨ ᠨᠢ ᠪᠣᠬᠢᠷ ᠬᠤᠪᠴᠠᠰᠤ ᠲᠠᠢ ᠤᠯᠠᠢᠵᠤ ᠰᠢᠷᠠᠭᠳᠠᠭᠰᠠᠨ ᠪᠡᠶ᠎ᠡ ᠲᠡᠢ ᠡᠷᠭᠢᠵᠦ ᠢᠷᠡᠯ᠎ᠡ᠃
ᠡᠪᠦᠭᠡᠨ᠄ ᠴᠢ ᠣᠳᠣ ᠣᠢᠯᠠᠭᠠᠪᠠ ᠤᠤ? ᠵᠠᠯᠬᠠᠭᠤᠷᠠᠯ ᠬᠥᠮᠦᠨ ᠳ᠋ᠦ᠍ ᠶᠠᠭᠤ ᠴᠤ᠌ ᠥᠭᠬᠦ ᠦᠭᠡᠢ᠂ ᠳᠠᠷᠤᠤ ᠦᠨᠡᠨᠴᠢ ᠵᠠᠩ ᠯᠠ ᠱᠠᠩᠨᠠᠭᠤᠯᠳᠠᠭ ᠶᠤᠮ ᠰᠢᠦ ᠳᠡ᠃ ᠴᠢ ᠴᠠᠭᠠᠰᠢᠲᠠ ᠡᠨᠡ ᠪᠠᠢᠰᠢᠩ ᠳ᠋ᠤ᠌ ᠠᠮᠢᠳᠤᠷᠠᠬᠤ ᠡᠷᠬᠡ ᠦᠭᠡᠢ᠂ ᠲᠠ ᠬᠣᠶᠠᠷ ᠶᠠᠪᠤᠬᠤ ᠶᠣᠰᠣᠲᠠᠢ᠃
ᠡᠵᠡᠭᠲᠡᠢ ᠥᠬᠢᠨ ᠢ᠋ᠶ᠋ᠡᠨ ᠳᠠᠭᠠᠭᠤᠯᠤᠨ ᠪᠠᠢᠰᠢᠩ ᠠ᠋ᠴᠠ ᠶᠠᠪᠤᠯ᠎ᠠ᠃ ᠲᠡᠷᠡ ᠴᠠᠭ ᠠ᠋ᠴᠠ ᠬᠣᠢᠰᠢ ᠠᠵᠢᠯᠰᠠᠭ ᠥᠬᠢᠨ ᠠᠪᠤ ᠶ᠋ᠢᠨ ᠢ᠋ᠶ᠋ᠡᠨ ᠬᠠᠮᠲᠤ ᠪᠠᠷ ᠨᠠᠰᠤᠨ ᠲᠤᠷᠰᠢᠲᠠ ᠪᠠᠨ ᠠᠵᠠ ᠵᠢᠷᠭᠠᠯ ᠲᠠᠢ ᠠᠮᠢᠳᠤᠷᠠᠭᠰᠠᠨ ᠶᠤᠮ᠃

ᠦᠰᠦᠭ ᠠᠮᠢᠯᠠᠭᠤᠯᠤᠭᠴᠢ᠂ ᠬᠠᠲᠠᠭᠴᠢ ᠄ᠾᠦᠩ ᠸᠧᠢ
ᠬᠢᠨᠠᠯᠲᠠ᠄ ᠰᠡᠴᠡᠨᠴᠢᠮᠡᠭ᠃