ᠨᠤᠲᠤᠭ ᠰᠢᠲᠦᠭᠡᠨ -ᠬᠡᠷᠡᠢᠳ ᠮᠥᠩᠬᠡᠨᠠᠰᠤᠨНутаг шүтээн-Хэрэйд Мөнхнасан
ᠨᠤᠲᠤᠭ ᠰᠢᠲᠦᠭᠡᠨ
ᠬᠠᠳᠠᠨ ᠳᠡᠯᠡᠬᠡᠢ ᠶ᠋ᠢᠨ ᠵᠠᠮ ᠪᠦᠭᠦᠳᠡ ᠡᠴᠡ ᠬᠠᠷᠢᠬᠤ ᠵᠠᠮ ᠬᠠᠮᠤᠭ ᠤ᠋ᠨ ᠰᠠᠢᠬᠠᠨ ᠁
ᠵᠣᠬᠢᠶᠠᠭᠴᠢ᠄ ᠬᠡᠷᠡᠢᠳ ᠮᠥᠩᠬᠡᠨᠠᠰᠤᠨ
ᠤᠶᠠᠩᠭᠠᠯᠠᠭᠴᠢ᠄ ᠰᠣᠯᠣᠩᠭ᠎ᠠ
ᠳᠥᠴᠢᠨ ᠭᠠᠵᠠᠷ ᠤ᠋ᠨ ᠰᠢᠯᠢ ᠶ᠋ᠢᠨ ᠵᠠᠮ ᠢ᠋
ᠲᠥᠭᠡᠯᠡᠵᠦ ᠲᠠᠯᠪᠢᠵᠤ ᠪᠣᠯᠳᠠᠭ ᠦᠭᠡᠢ ᠯᠡ ᠳ᠋ᠡ
ᠲᠥᠷᠥᠭᠰᠡᠨ ᠨᠤᠲᠤᠭ ᠲᠤ᠌ ᠪᠠᠨ ᠲᠡᠮᠡᠦᠯᠬᠦ ᠰᠡᠳᠬᠢᠯ ᠢ᠋
ᠳᠠᠷᠤᠵᠤ ᠬᠡᠨ ᠴᠦ᠍ ᠭᠡᠳ ᠲᠦᠪᠳᠡᠬᠦ ᠦᠭᠡᠢ ᠯᠡ ᠳ᠋ᠡ
ᠲᠠᠤᠯᠠᠢ ᠶ᠋ᠢᠨ ᠭᠣᠣᠯ ᠤ᠋ᠨ ᠨᠠᠮᠤᠭᠤᠬᠠᠨ ᠳᠣᠯᠭᠢᠶ᠎ᠠ
ᠳᠣᠮᠣᠭ ᠢ᠋ᠶ᠋ᠠᠨ ᠬᠦᠦᠷᠨᠢᠨ ᠴᠡᠩᠬᠡᠷᠯᠡᠨ᠎ᠡ
ᠳᠠᠭᠤᠲᠤ ᠨᠠᠭᠤᠷ ᠤ᠋ᠨ ᠦᠵᠡᠮᠵᠢ ᠣᠷᠣᠨ
ᠲᠤᠤᠵᠠ ᠪᠠᠨ ᠳᠡᠯᠭᠡᠨ ᠤᠭᠲᠤᠨ᠎ᠠ
ᠬᠠᠷ᠎ᠠ ᠮᠠᠩᠨᠠᠢ ᠶ᠋ᠢᠨ ᠳᠠᠪᠤᠰᠤᠨ ᠨᠠᠭᠤᠷ
ᠬᠠᠩᠭᠠᠢ ᠭᠣᠪᠢ ᠳ᠋ᠤ᠌ ᠪᠠᠨ ᠨᠡᠯᠦᠢᠨᠡ
ᠬᠠᠷᠢᠭᠠᠳ ᠣᠴᠢᠬᠤ ᠶ᠋ᠢᠨ ᠰᠡᠳᠬᠢᠯ ᠮᠢᠨᠢ
ᠬᠠᠪᠤᠷ ᠤ᠋ᠨ ᠬᠠᠢᠯ ᠰᠢᠭ᠋ ᠮᠡᠯᠮᠡᠷᠡᠨ᠎ᠡ
ᠬᠥᠪᠴᠢ ᠶ᠋ᠢ ᠨᠢ ᠳᠡᠯᠦᠭᠰᠡᠨ ᠨᠤᠮᠤ ᠰᠢᠤᠬᠠᠨ
ᠬᠦᠷᠳᠦᠲᠦ ᠮᠠᠰᠢᠨ ᠤ᠋ ᠳᠣᠪᠲᠣᠯᠤᠯ ᠢ᠋ᠶ᠋ᠠᠷ
ᠬᠦᠷᠦᠭᠡᠳ ᠣᠴᠢᠨ᠎ᠠ ᠭᠡᠬᠦ ᠰᠡᠳᠬᠢᠯ ᠮᠢᠨᠢ
ᠬᠥᠪᠦᠯᠵᠡᠭᠡᠳ ᠪᠠᠢᠳᠠᠭ ᠢ᠋ ᠶᠠᠭᠠᠬᠢᠯᠲᠠᠢ
ᠬᠥᠬᠥᠭᠡ ᠰᠢᠪᠠᠭᠤ ᠳᠣᠩᠭᠣᠳᠤᠭᠰᠠᠨ
ᠬᠥᠪᠴᠢ ᠶ᠋ᠢᠨ ᠰᠢᠷᠭᠠᠯ ᠡᠯᠡᠰᠦᠨ ᠴᠦᠯ
ᠬᠥᠳᠡᠭᠡ ᠶ᠋ᠢᠨ ᠰᠠᠢᠬᠠᠨ ᠢ᠋ ᠭᠠᠢᠬᠠᠭᠤᠯᠤᠭᠰᠠᠨ
ᠬᠥᠬᠡᠷᠡᠨ ᠮᠠᠨᠠᠨᠲᠤᠬᠤ ᠮᠤᠨᠢ ᠶ᠋ᠢᠨ ᠡᠩᠭᠡᠷ
ᠠᠮᠤᠭᠤᠯᠠᠩ ᠨᠤᠲᠤᠭ ᠢ᠋ᠶ᠋ᠠᠨ ᠪᠦᠪᠡᠢᠯᠡᠭᠰᠡᠨ
ᠤᠤᠭᠠᠯ ᠰᠦᠷᠯᠢᠭ ᠠᠮᠠᠴᠢ ᠶ᠋ᠢᠨ ᠣᠪᠣᠭ᠎ᠠ
ᠠᠭᠤᠳᠠᠮ ᠲᠡᠭᠷᠢ ᠶ᠋ᠢᠨ ᠰᠢᠪᠡᠷᠡᠭᠡ ᠲᠡᠢ
ᠠᠷᠭᠤᠮᠠᠭ ᠤ᠋ᠨ ᠲᠣᠭᠣᠰᠣ ᠲᠠᠢ ᠠᠭᠸᠠᠩ ᠮᠢᠨᠦ
ᠬᠥᠮᠦᠨ ᠠᠷᠠᠳ ᠤ᠋ᠨ ᠮᠢᠨᠢ ᠰᠢᠲᠦᠭᠡᠨ
ᠬᠥᠷᠥᠭ ᠦ᠋ᠨ ᠴᠡᠩᠬᠡᠷ ᠭᠡᠭᠡᠨ ᠵᠣᠣ
ᠬᠦᠰᠡᠯ ᠰᠡᠳᠬᠢᠯ ᠦ᠋ᠨ ᠮᠢᠨᠢ ᠣᠮᠣᠭᠰᠢᠯ
ᠬᠥᠭᠵᠢᠯ ᠦ᠋ᠨ ᠰᠦᠮᠪᠦᠷ ᠨᠤᠲᠤᠭ ᠮᠢᠨᠦ
ᠰᠢᠵᠢᠷ ᠠᠯᠲᠠᠨ ᠮᠠᠩᠬᠠᠨ ᠳ᠋ᠤ᠌ ᠪᠠᠨ
ᠰᠦᠨᠳᠡᠷᠯᠡᠨ ᠬᠠᠷᠠᠭᠳᠠᠬᠤ ᠰᠢᠷᠡᠭᠡᠨ ᠥᠨᠳᠥᠷ
ᠰᠦᠭᠯᠡᠢᠬᠦ ᠪᠠᠷ᠎ᠠ ᠨᠢ ᠲᠡᠭᠷᠢ ᠴᠢᠮᠡᠭᠰᠡᠨ
ᠰᠦᠵᠢᠭ ᠦ᠋ᠨ ᠳᠡᠭᠡᠳᠦ ᠭᠤᠷᠪᠠᠨ ᠴᠢᠨᠳᠠᠮᠤᠨᠢ
ᠠᠪᠤ ᠶ᠋ᠢᠨ ᠣᠯᠠᠨ ᠦᠷ᠎ᠡ ᠠᠴᠢᠷ ᠤ᠋ᠨ
ᠠᠯᠳᠠᠷ ᠢ᠋ ᠱᠤᠭᠤᠭᠰᠠᠨ ᠵᠢᠷᠭᠠᠯᠠᠩᠲᠤ ᠨᠤᠲᠤᠭ
ᠠᠰᠢᠳᠠ ᠶ᠋ᠢᠨ ᠢᠷᠦᠭᠡᠯ ᠮᠥᠩᠬᠡ ᠲᠣᠭᠲᠠᠭᠰᠠᠨ
ᠠᠵᠠ ᠵᠢᠷᠭᠠᠯ ᠤ᠋ᠨ ᠲᠠᠭᠰᠢᠨ ᠭᠣᠯᠣᠮᠲᠠ ᠠ᠋
ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ
ᠦᠰᠦᠭ ᠬᠠᠲᠠᠭᠴᠢ᠄ ᠦᠯᠵᠡᠢᠪᠠᠭᠠᠲᠤᠷ
ᠬᠢᠨᠠᠭᠴᠢ ᠄ ᠣᠳᠬᠠᠨᠰᠣ᠎ᠠ
