ᠨᠢᠭᠡᠳᠦᠯ ᠊ᠤᠨ ᠠᠳᠤᠭᠤᠴᠢᠨ-ᠬᠥᠭᠵᠢᠯᠪᠠᠭᠠᠲᠤᠷ· ᠴᠣᠮᠣᠷᠯᠢᠭ Нэгдлийн адуучин-Хөгжлбаатар·Цоморлиг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠭᠡᠳᠦᠯ ᠊ᠤᠨ ᠠᠳᠤᠭᠤᠴᠢᠨ-ᠬᠥᠭᠵᠢᠯᠪᠠᠭᠠᠲᠤᠷ· ᠴᠣᠮᠣᠷᠯᠢᠭ Нэгдлийн адуучин-Хөгжлбаатар·Цоморлиг

ᠨᠢᠭᠡᠳᠦᠯ ᠊ᠤᠨ ᠠᠳᠤᠭᠤᠴᠢᠨ-ᠬᠥᠭᠵᠢᠯᠪᠠᠭᠠᠲᠤᠷ· ᠴᠣᠮᠣᠷᠯᠢᠭ Нэгдлийн адуучин-Хөгжлбаатар·Цоморлиг

ᠠᠩᠭᠢᠯᠠᠯ:ᠳᠠᠭᠤᠤ ᠬᠥᠭᠵᠢᠮ
2025-04-04

2750

ᠨᠢᠭᠡᠳᠦᠯ ᠊ᠤᠨ ᠠᠳᠤᠭᠤᠴᠢᠨ

       ᠦᠭᠡ᠄ ᠳ· ᠰᠠᠮᠪᠤᠤ 
       ᠠᠶ᠎ᠠ᠄ ᠳ· ᠰᠠᠮᠪᠤᠤ 
       ᠳᠠᠭᠤᠴᠢᠨ᠄ ᠬᠥᠭᠵᠢᠯᠪᠠᠭᠠᠲᠤᠷ· ᠴᠣᠮᠣᠷᠯᠢᠭ 
ᠬᠠᠪᠤᠯᠢᠭ ᠰᠠᠢᠬᠠᠨ ᠤᠷᠭᠠᠨ ᠤ᠋ ᠮᠢᠨᠢ ᠴᠡᠭᠡᠵᠢ ᠨᠢ 
ᠬᠠᠨ ᠠᠭᠤᠯᠠ ᠶ᠋ᠢᠨ ᠪᠤᠷᠭᠠᠰᠤ ᠶᠤᠮ ᠠ᠋ ᠬᠥ 
ᠬᠢᠷᠭᠠᠭ᠎ᠠ ᠳᠡᠯ ᠰᠠᠷᠠ ᠳᠡᠯ ᠲᠡᠢ ᠬᠡᠭᠡᠷ᠎ ᠮᠢᠨᠢ 
ᠬᠠᠷᠠᠭᠴᠢ ᠭᠡᠭᠦᠦ ᠶ᠋ᠢᠨ ᠤᠨᠠᠭ᠎ᠠ ᠶᠤᠮ ᠠ᠋ ᠬᠥ 
ᠠᠯᠤᠰ ᠤ᠋ᠨ ᠴᠠᠭᠠᠨ᠎ᠠ ᠠ᠋ᠴᠠ ᠮᠢᠷᠠᠯᠵᠠᠨ ᠬᠠᠷᠠᠭᠳᠠᠬᠤ ᠨᠢ 
ᠠᠳᠤᠭᠤᠴᠢᠨ ᠮᠢᠨᠦ ᠥᠯᠥᠭᠡᠢ ᠶᠠ ᠬᠥ 
ᠠᠵᠢᠷᠭ᠎ᠠ  ᠠᠵᠢᠷᠭ᠎ᠠ ᠪᠠᠷ ᠪᠡᠯᠴᠢᠭᠰᠡᠨ ᠰᠥᠷᠦᠭ ᠨᠢ
ᠮᠢᠨᠦ ᠬᠠᠷᠢᠭᠤᠯᠤᠭᠰᠠᠨ ᠠᠳᠤᠭᠤ ᠶᠤᠮ ᠠ᠋ ᠬᠥ 
ᠨᠡᠢᠲᠡ ᠶ᠋ᠢᠨ ᠰᠥᠷᠦᠭ ᠢ᠋ ᠬᠠᠷᠢᠭᠤᠯᠤᠨ ᠥᠰᠬᠡᠭᠡᠳ 
ᠵᠢᠳᠬᠦᠵᠦ ᠶᠠᠪᠤᠬᠤ ᠮᠢᠨᠢ ᠬᠠᠪᠤᠲᠠᠢ ᠶᠠ ᠬᠥ 
ᠨᠡᠢᠭᠡᠮ ᠵᠢᠷᠤᠮᠲᠤ᠂ ᠲᠠᠯ᠎ᠠ ᠨᠤᠲᠤᠭ ᠢ᠋ᠶ᠋ᠠᠨ 
ᠳᠠᠭᠤᠯᠠᠵᠤ ᠶᠠᠪᠤᠬᠤ ᠮᠢᠨᠢ ᠪᠠᠬᠠᠲᠠᠢ ᠶᠠ ᠬᠥ 
ᠰᠠᠯᠬᠢ ᠲᠠᠲᠠᠭᠰᠠᠨ ᠬᠡᠭᠡᠷ ᠦ᠋ᠨ ᠮᠢᠨᠢ ᠶᠠᠪᠤᠳᠠᠯ 
ᠰᠠᠷ᠎ᠠ ᠪᠠᠷ ᠳᠠᠪᠬᠢᠪᠠᠴᠤ ᠵᠣᠭᠰᠣᠬᠤ ᠦᠭᠡᠢ ᠶᠧ ᠬᠥ
ᠰᠠᠴᠤᠷᠠᠨ ᠮᠠᠨᠳᠤᠭᠰᠠᠨ ᠡᠬᠡ ᠣᠷᠣᠨ ᠤ᠋ ᠪᠠᠨ ᠲᠥᠯᠥᠭᠡ 
ᠨᠠᠰᠤ ᠪᠠᠷ ᠢ᠋ᠶ᠋ᠠᠨ ᠵᠢᠳᠬᠦᠪᠡᠴᠦ ᠬᠠᠩᠬᠤ ᠦᠭᠡᠢ ᠳᠡ ᠬᠥ 
ᠰᠠᠴᠤᠷᠠᠨ ᠮᠠᠨᠳᠤᠭᠰᠠᠨ ᠡᠬᠡ ᠣᠷᠣᠨ ᠤ᠋ ᠪᠠᠨ ᠲᠥᠯᠥᠭᠡ
ᠨᠠᠰᠤ ᠪᠠᠷ ᠢ᠋ᠶ᠋ᠠᠨ ᠵᠢᠳᠬᠦᠪᠡᠴᠦ ᠬᠠᠩᠬᠤ ᠦᠭᠡᠢ ᠳᠡ ᠬᠥ
 
  ᠦᠰᠦᠭ ᠠᠮᠢᠯᠠᠭᠤᠯᠤᠭᠰᠠᠨ  ᠨᠢ᠄ ᠪᠦᠷᠢᠨᠵᠢᠷᠭᠠᠯ
  ᠦᠰᠦᠭ ᠬᠠᠳᠠᠭᠰᠠᠨ ᠨᠢ᠄ ᠪᠦᠷᠢᠨᠵᠢᠷᠭᠠᠯ
  ᠬᠢᠨᠠᠭᠴᠢ᠄ ᠣᠳᠬᠣᠩᠬᠤᠸᠠᠷ