ᠦᠬᠦᠬᠦ ᠳ᠋ᠡᠭᠡᠨ - ᠱ᠂ ᠭᠦᠷᠦᠪᠠᠽᠠᠷ Үхэхдээ - Ш᠂ Гүрбазар
ᠦᠬᠦᠬᠦ ᠳ᠋ᠡᠭᠡᠨ
ᠱ᠂ ᠭᠦᠷᠦᠪᠠᠽᠠᠷ
ᠦᠬᠦᠬᠦ ᠳ᠋ᠡᠭᠡᠨ ᠨᠥᠮᠥᠷᠬᠦ ᠠᠯᠠᠭ ᠲᠡᠷᠯᠢᠭ
ᠡᠭᠦᠯᠡ ᠴᠢᠮ᠎ᠠ ᠠ᠋ᠴᠠ ᠪᠢ ᠶᠠᠭᠤ ᠴᠤ᠌ ᠨᠢᠭᠤᠭᠠ ᠦᠭᠡᠢ
ᠰᠠᠷᠬᠤᠳ ᠤ᠋ᠨ ᠳᠡᠭᠡᠵᠢ ᠪᠡᠨ
ᠴᠢᠮ᠎ᠠ ᠳ᠋ᠤ᠌ ᠪᠢᠰᠢ᠂ ᠠᠭᠤᠯᠠᠨ ᠳ᠋ᠤ᠌ ᠡᠷᠭᠦᠭᠰᠡᠨ ᠦ᠌ ᠮᠢᠨᠢ ᠲᠥᠯᠥᠭᠡ
ᠰᠠᠯᠬᠢ ᠵᠠᠢᠴᠢᠯᠠᠨ
ᠴᠢᠮ᠎ᠠ ᠳ᠋ᠤ᠌ ᠪᠢᠰᠢ᠂ ᠣᠳᠣᠨ ᠳ᠋ᠤ᠌ ᠵᠠᠯᠪᠠᠷᠢᠭᠰᠠᠨ ᠤ᠋ ᠮᠢᠨᠢ ᠲᠥᠯᠥᠭᠡ
ᠵᠢᠷᠭᠠᠯ ᠵᠣᠪᠠᠯᠠᠩ ᠬᠣᠶᠠᠷ ᠰᠢᠭ᠋
ᠵᠤᠯᠠᠢ ᠳᠡᠭᠡᠷ᠎ᠡ ᠮᠢᠨᠢ ᠴᠣᠬᠣᠷᠲᠤᠵᠤ
ᠵᠢᠷᠠᠨ ᠨᠠᠰᠤᠨ ᠤ᠋ ᠦᠨᠡᠨ ᠢ᠋ ᠮᠢᠨᠢ
ᠬᠠᠷᠠᠯᠠᠨ ᠲᠡᠷᠯᠡᠨ ᠪᠣᠯᠭᠠᠴᠢᠬᠠᠯᠠ ᠳᠠ᠂ ᠴᠢ
ᠨᠡᠬᠡᠵᠦ᠂ ᠠᠯᠠᠭᠯᠠᠵᠤ᠂ ᠵᠠᠢᠯᠠᠵᠤ ᠴᠢᠳᠠᠳᠠᠭ ᠴᠢᠮ᠎ᠠ ᠳ᠋ᠤ᠌ ᠯᠠ ᠪᠢ
ᠨᠢᠭᠤᠵᠤ ᠶᠠᠪᠤᠭᠰᠠᠨ ᠪᠦᠬᠦᠨ ᠢ᠋ᠶ᠋ᠡᠨ ᠶᠠᠷᠢᠳᠠᠭ ᠯᠠ ᠪᠠᠢᠵᠠᠢ ᠳᠠ᠁
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
