ᠬᠠᠭᠠᠨ  ᠊ᠤ᠌ ᠰᠠᠨᠠᠭᠠᠰᠢᠷᠠᠯ- ᠳ᠋ᠣ᠋·ᠪᠤᠯᠤᠳᠬᠤᠶᠠᠭХааны санаашрал-д·Болдхуяг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠠᠨ  ᠊ᠤ᠌ ᠰᠠᠨᠠᠭᠠᠰᠢᠷᠠᠯ- ᠳ᠋ᠣ᠋·ᠪᠤᠯᠤᠳᠬᠤᠶᠠᠭХааны санаашрал-д·Болдхуяг

ᠬᠠᠭᠠᠨ  ᠊ᠤ᠌ ᠰᠠᠨᠠᠭᠠᠰᠢᠷᠠᠯ- ᠳ᠋ᠣ᠋·ᠪᠤᠯᠤᠳᠬᠤᠶᠠᠭХааны санаашрал-д·Болдхуяг

2025-04-02

622

ᠬᠠᠭᠠᠨ  ᠊ᠤ᠌ ᠰᠠᠨᠠᠭᠠᠰᠢᠷᠠᠯ

           ᠳ᠋ᠣ᠋·ᠪᠤᠯᠤᠳᠬᠤᠶᠠᠭ 
           ᠣ· ᠤᠤᠭᠠᠨᠪᠠᠶᠠᠷ ᠤᠶᠠᠩᠭᠠᠯᠠᠨ᠎ᠠ 

ᠲᠢᠪ ᠳᠡᠯᠡᠬᠡᠢ ᠶ᠋ᠢᠨ ᠬᠠᠭᠠᠨ ᠪᠠᠢᠯ᠎ᠠ ᠭᠡᠳ 
ᠲᠡᠭᠷᠢ ᠶ᠋ᠢᠨ ᠳᠣᠣᠷ᠎ᠠ ᠶᠠᠭᠤ ᠰᠠᠨ ᠪᠢᠯᠡ 
ᠡᠨᠡ ᠣᠷᠴᠢᠯᠠᠩ ᠤ᠋ᠨ ᠡᠵᠡᠨ ᠴᠦ᠍ ᠭᠡᠯ᠎ᠡ ᠪᠢ 
ᠡᠴᠢᠭᠡ ᠶ᠋ᠢᠨ ᠢ᠋ᠶ᠋ᠡᠨ ᠳᠡᠷᠭᠡᠳᠡ ᠬᠡᠨ ᠰᠠᠨ ᠪᠢᠯᠡ 

ᠦᠷ᠎ᠡ ᠰᠠᠲᠤ ᠮᠢᠨᠢ ᠨᠠᠮᠠᠶ᠋ᠢ ᠰᠢᠭᠦᠬᠦ ᠦᠭᠡᠢ ᠴᠦ᠍ 
ᠥᠷᠯᠥᠭ ᠲᠡᠦᠬᠡ ᠳᠠᠩᠰᠠᠯᠠᠵᠤ ᠲᠠᠭᠠᠷᠠᠨ᠎ᠠ 
ᠥᠨᠳᠥᠷ ᠠᠯᠳᠠᠷ ᠤ᠋ᠨ ᠮᠢᠨᠢ ᠴᠡᠭᠡᠷ ᠭᠡᠭᠡᠭᠳᠡᠵᠦ 
ᠦᠶ᠎ᠡ ᠴᠢᠴᠠᠤᠲᠠᠨ ᠰᠢᠭ᠋ ᠠᠭᠠᠰᠢᠯᠠᠵᠤ ᠮᠡᠳᠡᠨ᠎ᠡ 

ᠴᠢᠨᠠᠭᠰᠢ ᠨᠠᠮᠠᠶ᠋ᠢ ᠲᠩᠷᠢ ᠭᠡᠮᠡᠨ ᠰᠠᠨᠠᠵᠤ
ᠴᠢᠯᠡᠬᠦ ᠰᠡᠳᠬᠢᠯ ᠲᠡᠢ ᠬᠥᠮᠦᠨ ᠪᠠᠢᠭᠰᠠᠨ ᠢ᠋ ᠮᠠᠷᠲᠠᠬᠤ ᠪᠣᠢ
ᠮᠥᠨ ᠪᠡᠶ᠎ᠡ ᠪᠡᠨ ᠡᠯᠡᠲᠡᠯ᠎ᠡ ᠶᠠᠪᠤᠵᠤ ᠬᠤᠷᠢᠶᠠᠭᠰᠠᠨ ᠤᠯᠤᠰ ᠢ᠋ ᠮᠢᠨᠢ
ᠮᠥᠴᠢᠳ ᠤᠬᠠᠭᠠᠨᠲᠤ ᠬᠣᠢᠴᠢᠰ ᠮᠢᠨᠢ ᠲᠠᠷᠬᠠᠭᠠᠵᠤ ᠣᠷᠬᠢᠬᠤ ᠪᠣᠢ

ᠪᠠᠳᠠᠷᠠᠭᠠᠳ ᠪᠥᠬᠥᠳᠡᠭ ᠠᠮᠢ ᠴᠤ᠌ ᠭᠡᠯ᠎ᠡ
ᠪᠠᠭᠠᠲᠤᠷ ᠡᠷᠡᠰ ᠢ᠋ ᠦᠷᠡᠭᠰᠡᠨ ᠮᠢᠨᠢ ᠬᠡᠨ ᠦ᠌ ᠲᠥᠯᠥᠭᠡ
ᠮᠠᠨᠳᠤᠭᠠᠳ ᠮᠥᠬᠥᠳᠡᠭ ᠵᠢᠮ᠎ᠡ ᠴᠦ᠍ ᠭᠡᠯ᠎ᠡ
ᠮᠢᠯᠠᠭ᠎ᠠ  ᠲᠠᠯᠪᠢᠯ ᠦᠭᠡᠢ ᠳᠠᠢᠳᠤᠭᠰᠠᠨ ᠮᠢᠨᠢ ᠶᠠᠭᠤᠨ ᠤ᠋ ᠲᠤᠯᠠᠳᠠ

ᠬᠠᠨ ᠳᠥᠷᠪᠡᠨ ᠬᠥᠪᠡᠭᠦᠨ ᠢ᠋ᠶ᠋ᠡᠨ ᠬᠥᠯ ᠬᠥᠰᠡᠷ ᠠᠮᠠᠷᠠᠭᠠᠭᠰᠠᠨ ᠦᠭᠡᠢ
ᠬᠠᠢᠷᠠᠲᠠᠢ ᠵᠢᠷᠭᠤᠭᠠᠨ ᠭᠦᠩᠵᠦ ᠪᠡᠨ ᠭᠠᠷ ᠭᠠᠵᠠᠷ ᠵᠢᠷᠭᠠᠭᠰᠠᠨ ᠦᠭᠡᠢ
ᠬᠠᠴᠠᠷ ᠭᠤᠸ᠎ᠠ ᠬᠠᠲᠤᠳ ᠢ᠋ᠶ᠋ᠠᠨ ᠪᠦᠲᠦᠨ ᠨᠣᠢᠷ ᠲᠠᠢ ᠬᠣᠨᠣᠭᠤᠯᠤᠭᠰᠠᠨ ᠦᠭᠡᠢ
ᠬᠠᠮᠤᠭ ᠣᠯᠠᠨ ᠠᠷᠠᠳ ᠢ᠋ᠶ᠋ᠠᠨ ᠴᠤ᠌ ᠲᠦᠪᠰᠢᠨ ᠠᠮᠤᠷ ᠰᠠᠭᠤᠯᠭᠠᠭᠰᠠᠨ ᠦᠭᠡᠢ

ᠥᠨᠥᠴᠢᠨ ᠲᠠᠪᠤᠨ ᠳᠡᠭᠦᠦ ᠪᠡᠨ ᠠᠭᠲᠠ ᠶ᠋ᠢᠨ ᠨᠢᠷᠤᠭᠤᠨ ᠳ᠋ᠤ᠌ ᠬᠠᠲᠠᠵᠤ
ᠥᠷᠯᠥᠭ ᠶᠢᠰᠦᠨ ᠪᠠᠭᠠᠲᠤᠷ ᠢ᠋ᠶ᠋ᠠᠨ ᠠᠶᠠᠨ ᠤ᠋ ᠤᠷᠲᠤ ᠳ᠋ᠤ᠌ ᠵᠦᠳᠡᠭᠡᠵᠦ
ᠦᠳᠡᠯᠦᠭᠡ ᠪᠤᠭᠤᠷᠤᠯ ᠡᠬᠡ ᠶ᠋ᠢᠨ ᠢ᠋ᠶ᠋ᠡᠨ ᠦᠷᠦ ᠵᠢᠷᠦᠬᠡ ᠶ᠋ᠢ ᠲᠦᠭᠰᠢᠭᠡᠵᠦ
ᠡᠳᠦᠷ ᠰᠥᠨᠢ ᠶ᠋ᠢ ᠢᠯᠭᠠᠯ ᠦᠭᠡᠢ ᠬᠣᠲᠠ ᠪᠠᠯᠭᠠᠳ ᠢ᠋ ᠳᠦᠢᠪᠡᠭᠡᠯ᠎ᠡ

ᠡᠩᠬᠡ ᠰᠢᠳᠤᠷᠭᠤ ᠲᠥᠷᠥ ᠶ᠋ᠢᠨ ᠢ᠋ᠶ᠋ᠡᠨ ᠡᠪ ᠡᠶ᠎ᠡ ᠶ᠋ᠢ ᠲᠡᠳᠬᠦᠬᠦ ᠭᠡᠵᠦ
ᠢᠰᠡᠭᠡᠢ ᠲᠤᠭᠤᠷᠭᠠᠲᠤ ᠤᠯᠤᠰ ᠤ᠋ᠨ ᠢ᠋ᠶ᠋ᠠᠨ ᠡᠮᠵᠢᠶᠡᠷᠢ ᠬᠠᠶᠠᠭ᠎ᠠ ᠶ᠋ᠢ ᠲᠡᠯᠡᠬᠦ ᠭᠡᠵᠦ
ᠬᠠᠷᠢ ᠭᠦᠷᠦᠨ ᠢ᠋ ᠮᠥᠬᠥᠭᠡᠵᠦ ᠬᠠᠳᠠᠨ ᠢᠯᠳᠦ ᠶ᠋ᠢ ᠮᠣᠬᠣᠭᠠᠪᠠ
ᠬᠦᠯᠦᠭ ᠮᠣᠷᠢᠳ ᠢ᠋ ᠤᠯᠠᠳᠠᠭᠠᠵᠤ ᠥᠯᠭᠡ ᠳᠠᠢᠰᠤᠨ ᠢ᠋ ᠰᠢᠨᠳᠠᠯᠠᠪᠠ

ᠶᠡᠬᠡ ᠴᠡᠷᠢᠭ ᠦ᠋ᠨ ᠤᠤᠬᠠᠢ ᠪᠠᠷ ᠲᠠᠩᠭᠢᠰ ᠳᠠᠯᠠᠢ ᠶ᠋ᠢ ᠴᠠᠯᠭᠢᠭᠤᠯᠵᠤ
ᠢᠷᠲᠦ ᠮᠡᠰᠡ ᠶ᠋ᠢᠨ ᠤᠴᠢᠰ ᠢ᠋ᠶ᠋ᠠᠷ ᠣᠳᠣᠨ ᠮᠢᠴᠢᠳ  ᠢ᠋ ᠳᠠᠯᠳᠢᠴᠢᠭᠤᠯᠵᠤ
ᠣᠨᠢᠰᠣᠨ ᠴᠢᠳᠥᠷ ᠦ᠋ᠨ ᠨᠦᠷᠭᠢᠭᠡᠨ ᠢ᠋ᠶ᠋ᠡᠷ ᠭᠠᠯᠲᠤ ᠠᠭᠤᠯᠠᠰ ᠢ᠋ ᠰᠡᠷᠢᠭᠡᠵᠦ
ᠣᠩᠭᠢᠲᠦ ᠵᠡᠪᠡ ᠶ᠋ᠢᠨ ᠢᠰᠬᠡᠷᠦᠭᠡᠨ ᠢ᠋ᠶ᠋ᠡᠷ ᠬᠠᠷ᠎ᠠ ᠰᠢᠭᠤᠷᠭ᠎ᠠ ᠳᠡᠭᠳᠡᠭᠡᠪᠡ

ᠡᠷᠭᠢᠭᠦᠳ᠂ ᠰᠠᠷᠲᠠᠭᠤᠯ᠂ ᠨᠠᠩᠭᠢᠶᠠᠳ᠂ ᠵᠦᠷᠴᠢᠳ ᠦᠭᠡᠢ
ᠡᠯᠢᠭᠡ ᠶ᠋ᠢ ᠨᠢ ᠡᠮᠲᠡᠯᠵᠦ ᠪᠣᠭᠣᠯ  ᠢ᠋ᠶ᠋ᠠᠨ ᠪᠣᠯᠭᠠᠪᠠ
ᠡᠮᠢᠷ᠂ ᠬᠠᠯᠢᠹ᠂ ᠬᠤᠸᠠᠩᠳᠢ᠂ ᠰᠤᠯᠲᠠᠨ ᠦᠭᠡᠢ
ᠡᠭᠡᠮ ᠢ᠋ ᠨᠢ ᠬᠤᠭᠤᠯᠵᠤ ᠪᠣᠱᠣᠭᠠᠨ ᠳ᠋ᠠᠭᠠᠨ  ᠰᠥᠭᠦᠳᠦᠭᠦᠯᠪᠡ

ᠬᠦᠴᠦᠲᠦ ᠲᠥᠷᠥ ᠶ᠋ᠢᠨ ᠥᠯᠮᠡᠢ ᠶ᠋ᠢ ᠲᠦᠰᠢᠬᠦ ᠭᠡᠵᠦ
ᠬᠥᠮᠦᠨ ᠦ᠌ ᠠᠮᠢ ᠶ᠋ᠢ ᠪᠤᠳᠠᠭ᠎ᠠ ᠰᠢᠭ᠋ ᠰᠠᠴᠤᠯ᠎ᠠ
ᠲᠦᠪᠰᠢᠨ ᠴᠠᠭ ᠤ᠋ᠨ ᠬᠥᠯ ᠢ᠋ ᠲᠤᠱᠠᠬᠤ ᠭᠡᠵᠦ
ᠲᠦᠮᠡᠨ ᠦ᠌ ᠦᠷᠡᠰ ᠢ᠋ ᠬᠣᠷᠸ᠎ᠠ ᠪᠠᠷ ᠲᠠᠷᠬᠠᠭᠠᠯ᠎ᠠ

ᠥᠯᠢᠰᠢ ᠦᠭᠡᠢ ᠬᠥᠬᠡ ᠲᠡᠭᠷᠢ ᠡᠴᠡ ᠦᠯᠢᠭᠡᠷ ᠠᠪᠴᠤ
ᠥᠷᠥᠰᠢᠶᠡᠬᠦ ᠰᠡᠳᠬᠢᠯ  ᠳ᠋ᠦ᠍ ᠪᠡᠨ ᠪᠦᠬᠦᠨ ᠢ᠋ ᠪᠠᠭᠲᠠᠭᠠᠵᠤ
ᠮᠦᠰᠢᠶᠡᠬᠦ ᠮᠡᠯᠮᠡᠢ  ᠳ᠋ᠦ᠍ ᠪᠡᠨ ᠰᠣᠯᠣᠩᠭ᠎ᠠ ᠲᠠᠲᠠᠭᠤᠯᠤᠨ
ᠥᠰᠢᠬᠦ ᠬᠠᠷᠠᠴᠠᠨ ᠳ᠋ᠤ᠌ ᠪᠠᠨ ᠠᠶᠤᠩᠭ᠎ᠠ ᠴᠠᠬᠢᠯᠤᠭᠤᠯᠤᠭᠰᠠᠭᠠᠷ

ᠮᠣᠷᠢᠨ ᠳᠡᠯ  ᠳᠡᠭᠡᠷ᠎ᠡ ᠨᠠᠰᠤ  ᠶ᠋ᠢ ᠪᠠᠷᠠᠬᠤ ᠳ᠋ᠠᠭᠠᠨ
ᠮᠤᠢᠯᠲᠦ ᠤᠨᠤᠨ ᠠ᠋ᠴᠠ ᠪᠠᠨ ᠲᠥᠭᠡ ᠴᠦ᠍ ᠬᠣᠯᠠᠳᠠᠭᠰᠠᠨ ᠦᠭᠡᠢ
ᠬᠠᠮᠤᠭ ᠣᠷᠴᠢᠯᠠᠩ ᠢ᠋ ᠰᠤᠮᠤ ᠪᠠᠷ ᠬᠡᠮᠵᠢᠬᠦ ᠳ᠋ᠦ᠍ ᠪᠡᠨ
ᠬᠠᠯᠳᠤᠨ ᠠᠭᠤᠯᠠᠨ ᠠ᠋ᠴᠠ ᠪᠠᠨ ᠰᠥᠭᠡᠮ ᠴᠦ᠍ ᠰᠠᠯᠤᠭᠰᠠᠨ ᠦᠭᠡᠢ

ᠠᠬᠤ ᠲᠥᠷᠥ  ᠶ᠋ᠢᠨ ᠢ᠋ᠶ᠋ᠡᠨ ᠵᠢᠯᠣᠭᠣ ᠶ᠋ᠢ ᠡᠪᠬᠡᠵᠦ
ᠠᠰᠢᠳᠠ ᠥᠷᠥᠰᠢᠶᠡᠯᠲᠦ ᠬᠥᠪᠡᠭᠦᠨ ᠳ᠋ᠦ᠍ ᠪᠡᠨ ᠥᠭᠭᠦᠨ᠎ᠡ
ᠠᠯᠲᠠᠬᠠᠨ ᠪᠡᠶ᠎ᠡ ᠪᠡᠨ ᠡᠲᠦᠭᠡᠨ ᠳ᠋ᠦ᠍ ᠦᠯᠡᠳᠡᠭᠡᠵᠦ
ᠠᠯᠳᠠᠭ᠎ᠠ ᠤᠨᠤᠭ᠎ᠠ ᠪᠠᠨ ᠲᠡᠦᠬᠡᠨ ᠳ᠋ᠦ᠍ ᠲᠤᠰᠢᠶᠠᠨ᠎ᠠ

ᠲᠢᠪ ᠳᠡᠯᠡᠬᠡᠢ ᠶ᠋ᠢ ᠬᠤᠷᠢᠶᠠᠭᠰᠠᠨ ᠮᠢᠨᠢ
ᠲᠡᠭᠷᠢ ᠡᠴᠡ ᠰᠣᠶᠣᠷᠬᠠᠭᠰᠠᠨ ᠬᠦᠴᠦ
ᠬᠥᠮᠦᠨ ᠦ᠌ ᠣᠷᠴᠢᠯᠠᠩ ᠢ᠋ ᠲᠣᠬᠣᠨᠢᠭᠤᠯᠤᠭᠰᠠᠨ ᠮᠢᠨᠢ
ᠬᠥᠬᠡ ᠲᠡᠭᠷᠢ ᠶ᠋ᠢᠨ ᠰᠠᠨᠠᠭ᠎ᠠ᠃

ᠪᠣᠯᠣᠷ ᠴᠣᠮᠣ ᠶ᠋ᠢᠨ ᠡᠵᠡᠨ ᠢᠷᠠᠭᠤ ᠨᠠᠢᠷᠠᠭᠴᠢ 
ᠲᠡᠦᠬᠡ ᠶ᠋ᠢᠨ ᠤᠬᠠᠭᠠᠨ ᠤ᠋ ᠳ᠋ᠣᠺᠲ᠋ᠣᠷ ᠳ᠋ᠣ᠋· ᠪᠤᠯᠤᠳᠬᠤᠶᠠᠭ
ᠤᠯᠠᠭᠠᠪᠠᠭᠠᠲᠤᠷ ᠬᠣᠲᠠ2022 ᠣᠨ

ᠦᠰᠦᠭ ᠠᠮᠢᠯᠠᠭᠤᠯᠤᠭᠴᠢ: ᠲᠦᠮᠡᠨᠴᠡᠴᠡᠭ
ᠢᠷᠡᠯᠲᠡ ᠄ ᠡ᠊ ᠣᠷᠭᠢᠯ ᠤ᠋ᠨ ᠸᠡᠴᠠᠲ ᠪᠢᠴᠢᠯᠭᠡ ᠡᠴᠡ