ᠨᠠᠢᠷᠯᠠᠨ ᠰᠠᠭᠤᠬᠤ ᠶ᠋ᠢᠨ ᠣᠷᠣᠨ -ᠡᠩᠬᠡᠴᠡᠴᠡᠭ Найрлан суухын орон-Энхцэцэг-Enkhtsetseg - Nairlan Suuhiin Oron
ᠨᠠᠢᠷᠯᠠᠨ ᠰᠠᠭᠤᠬᠤ ᠶ᠋ᠢᠨ ᠣᠷᠣᠨ
ᠦᠭᠡ᠄ ᠳ · ᠭᠠᠩᠸᠴᠢᠷ
ᠠᠶ᠎ᠠ᠄ ᠠ᠋᠊ · ᠡᠷᠡᠪᠣᠯᠣᠳ
— ᠭ · ᠡᠩᠬᠡᠴᠡᠴᠡᠭ ᠳᠠᠭᠤᠯᠠᠨ᠎ᠠ
ᠨᠠᠢᠷ ᠤ᠋ᠨ ᠵᠠᠷ ᠲᠠᠢ ᠨᠠᠮᠤᠷ ᠨᠢ
ᠵᠢᠷᠦᠬᠡᠨ ᠦ᠌ ᠤᠭ ᠲᠤ᠌ ᠨᠠᠮᠢᠷᠠᠭ᠎ᠠ ᠲᠠᠢ
ᠴᠠᠭᠠᠨ ᠰᠠᠷ᠎ᠠ ᠲᠠᠢ ᠬᠠᠪᠤᠷ ᠨᠢ
ᠲᠥᠯ ᠦ᠋ᠨ ᠴᠠᠷᠭᠢᠶ᠎ᠠ ᠳᠠᠭᠤ ᠲᠠᠢ
ᠭᠡᠷ ᠦ᠋ᠨ ᠨᠠᠢᠷ ᠲᠠᠢ ᠵᠤᠨ ᠨᠢ
ᠬᠤᠭᠤᠷ ᠤ᠋ᠨ ᠬᠠᠨᠤᠭᠰᠠᠨ ᠡᠬᠡᠰᠢᠭ ᠲᠡᠢ
ᠴᠠᠰᠤᠨ ᠤ᠋ ᠪᠠᠶᠠᠷ ᠲᠠᠢ ᠡᠪᠦᠯ ᠨᠢ
ᠮᠥᠰᠥᠨ ᠦ᠌ ᠮᠥᠩᠭᠥᠨ ᠱᠠᠷᠬᠢᠶᠠ ᠲᠠᠢ
ᠵᠠᠷ ᠲᠠᠢ ᠲᠠᠷ ᠲᠠᠢ ᠨᠠᠢᠷ ᠤ᠋ᠨ ᠳᠠᠭᠤᠤ ᠲᠠᠢ
ᠵᠠᠯᠠᠷᠠᠭᠰᠠᠨ ᠣᠯᠠᠨ ᠨᠢ ᠬᠥᠭᠵᠢᠶᠡᠨ ᠪᠠᠶᠠᠰᠤᠯ ᠲᠠᠢ
ᠬᠤᠷᠤᠭᠤᠨ ᠳᠡᠮᠪᠡᠭᠡ ᠲᠡᠢ ᠦᠷᠭᠦᠭᠡᠨ ᠳ᠋ᠡᠭᠡᠨ
ᠬᠤᠷᠠᠭᠰᠠᠨ ᠣᠯᠠᠨ ᠴᠡᠩᠭᠡᠯ ᠵᠢᠷᠭᠠᠯ ᠲᠠᠢ
ᠲᠣᠨᠵᠢ ᠲᠡᠭᠦᠯᠳᠡᠷ ᠨᠠᠮᠤᠷ ᠨᠢ
ᠳᠤᠷᠠᠯᠠᠯ ᠬᠠᠢᠷ᠎ᠠ ᠶ᠋ᠢᠨ ᠣᠵᠢᠭ ᠲᠠᠢ
ᠨᠠᠰᠤᠨ ᠤ᠋ ᠪᠤᠶᠠᠨ ᠲᠠᠢ ᠬᠠᠪᠤᠷ ᠨᠢ
ᠲᠣᠬᠣᠢ ᠡᠷᠭᠦᠭᠰᠡᠨ ᠬᠦᠨᠳᠦᠯᠡᠯ ᠲᠡᠢ
ᠲᠣᠷᠭᠠᠨ ᠳᠡᠪᠡᠯ ᠲᠡᠢ ᠵᠤᠨ ᠨᠢ
ᠳᠠᠭᠤᠤ ᠶ᠋ᠢᠨ ᠲᠦᠷᠡᠯᠭᠡ ᠳ᠋ᠦ᠍ ᠳᠠᠪᠠᠯᠭ᠎ᠠ ᠲᠠᠢ
ᠲᠣᠭᠲᠠᠵᠤ ᠰᠠᠭᠤᠭᠰᠠᠨ ᠡᠪᠦᠯ ᠨᠢ
ᠱᠠᠭᠰᠢᠨ ᠤ᠋ ᠦᠵᠦᠭᠦᠷ ᠲᠦ᠍ ᠪᠣᠳᠣᠯ ᠲᠠᠢ
ᠵᠠᠷ ᠲᠠᠢ ᠲᠠᠷ ᠲᠠᠢ ᠨᠠᠢᠷ ᠤ᠋ᠨ ᠳᠠᠭᠤᠤ ᠲᠠᠢ
ᠵᠠᠯᠠᠷᠠᠭᠰᠠᠨ ᠣᠯᠠᠨ ᠨᠢ ᠬᠥᠭᠵᠢᠶᠡᠨ ᠪᠠᠶᠠᠰᠤᠯ ᠲᠠᠢ
ᠬᠤᠷᠤᠭᠤᠨ ᠳᠡᠮᠪᠡᠭᠡ ᠲᠡᠢ ᠦᠷᠭᠦᠭᠡᠨ ᠳ᠋ᠡᠭᠡᠨ
ᠬᠤᠷᠠᠭᠰᠠᠨ ᠣᠯᠠᠨ ᠴᠡᠩᠭᠡᠯ ᠵᠢᠷᠭᠠᠯ ᠲᠠᠢ
ᠰᠥᠩ ᠲᠦᠰᠢᠬᠦ ᠨᠠᠮᠤᠷ ᠨᠢ
ᠰᠠᠷᠠᠨ ᠲᠡᠷᠭᠡᠯ ᠵᠢᠪᠬᠤᠭ᠎ᠠ ᠲᠠᠢ
ᠰᠦ ᠢᠪᠢᠯᠦᠭᠰᠡᠨ ᠬᠠᠪᠤᠷ ᠨᠢ
ᠴᠠᠭᠠᠨ ᠰᠡᠳᠬᠢᠯ ᠦ᠋ᠨ ᠨᠦᠮᠵᠦᠭ ᠲᠡᠢ
ᠪᠣᠲᠣᠭᠣ ᠲᠣᠷᠮᠣᠢᠭᠰᠠᠨ ᠵᠤᠨ ᠨᠢ
ᠤᠶᠠᠭᠠᠨ ᠳ᠋ᠤ᠌ ᠳᠣᠭᠰᠢᠷᠠᠭᠰᠠᠨ ᠮᠣᠷᠢᠳ ᠲᠠᠢ
ᠵᠢᠪᠠᠷ ᠲᠠᠴᠢᠭᠢᠨᠠᠭᠰᠠᠨ ᠡᠪᠦᠯ ᠨᠢ
ᠪᠠᠶᠠᠷ ᠪᠠᠶᠠᠰᠬᠤᠯᠠᠩ ᠤ᠋ᠨ ᠴᠠᠩ ᠲᠠᠢ
ᠵᠠᠷ ᠲᠠᠢ ᠲᠠᠷ ᠲᠠᠢ ᠨᠠᠢᠷ ᠤ᠋ᠨ ᠳᠠᠭᠤᠤ ᠲᠠᠢ
ᠵᠠᠯᠠᠷᠠᠭᠰᠠᠨ ᠣᠯᠠᠨ ᠨᠢ ᠬᠥᠭᠵᠢᠶᠡᠨ ᠪᠠᠶᠠᠰᠤᠯ ᠲᠠᠢ
ᠬᠤᠷᠤᠭᠤᠨ ᠳᠡᠮᠪᠡᠭᠡ ᠲᠡᠢ ᠦᠷᠭᠦᠭᠡᠨ ᠳ᠋ᠡᠭᠡᠨ
ᠬᠤᠷᠠᠭᠰᠠᠨ ᠣᠯᠠᠨ ᠴᠡᠩᠭᠡᠯ ᠵᠢᠷᠭᠠᠯ ᠲᠠᠢ
ᠵᠠᠷ ᠲᠠᠢ ᠲᠠᠷ ᠲᠠᠢ ᠨᠠᠢᠷ ᠤ᠋ᠨ ᠳᠠᠭᠤᠤ ᠲᠠᠢ
ᠵᠠᠯᠠᠷᠠᠭᠰᠠᠨ ᠣᠯᠠᠨ ᠨᠢ ᠬᠥᠭᠵᠢᠶᠡᠨ ᠪᠠᠶᠠᠰᠤᠯ ᠲᠠᠢ
ᠬᠤᠷᠤᠭᠤᠨ ᠳᠡᠮᠪᠡᠭᠡ ᠲᠡᠢ ᠦᠷᠭᠦᠭᠡᠨ ᠳ᠋ᠡᠭᠡᠨ
ᠬᠤᠷᠠᠭᠰᠠᠨ ᠣᠯᠠᠨ ᠴᠡᠩᠭᠡᠯ ᠵᠢᠷᠭᠠᠯ ᠲᠠᠢ
ᠦᠰᠦᠭ ᠠᠮᠢᠯᠠᠭᠤᠯᠵᠤ ᠬᠠᠲᠠᠭᠰᠠᠨ ᠨᠢ᠄ ᠬᠠᠰᠪᠠᠭᠠᠲᠤᠷ
ᠬᠢᠨᠠᠭᠴᠢ᠄ ᠲᠣᠳᠣᠭᠡᠷᠡᠯ᠂ ᠢᠷᠡᠭᠡᠳᠦᠢ᠃
