ᠣᠮᠪᠠᠽᠠᠷ<ᠨᠢᠭᠡ> – 1949 ~1978 ᠣᠨ ᠤ ᠬᠣᠭᠣᠷᠣᠨᠳᠤ ᠲᠥᠷᠥᠭᠰᠡᠨ ᠤᠷᠠᠯᠠᠠᠴᠢᠳ   1949 ~1978 оны хооронд төрсөн урлаачид - Омбазар ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠮᠪᠠᠽᠠᠷ<ᠨᠢᠭᠡ> – 1949 ~1978 ᠣᠨ ᠤ ᠬᠣᠭᠣᠷᠣᠨᠳᠤ ᠲᠥᠷᠥᠭᠰᠡᠨ ᠤᠷᠠᠯᠠᠠᠴᠢᠳ   1949 ~1978 оны хооронд төрсөн урлаачид - Омбазар

ᠣᠮᠪᠠᠽᠠᠷ<ᠨᠢᠭᠡ> – 1949 ~1978 ᠣᠨ ᠤ ᠬᠣᠭᠣᠷᠣᠨᠳᠤ ᠲᠥᠷᠥᠭᠰᠡᠨ ᠤᠷᠠᠯᠠᠠᠴᠢᠳ   1949 ~1978 оны хооронд төрсөн урлаачид - Омбазар

ᠠᠩᠭᠢᠯᠠᠯ:ᠤᠷᠠᠨ ᠪᠢᠴᠢᠯᠭᠡ
2025-03-31

284

ᠣᠮᠪᠠᠽᠠᠷ

 
      ᠤᠮᠪᠠᠽᠠᠷ᠂ ᠮᠣᠩᠭᠣᠯ ᠦᠨᠳᠦᠰᠦᠲᠡᠨ᠂ ᠡᠷᠡᠭᠲᠡᠢ᠂ ᠮᠣᠩᠭᠣᠯ ᠦᠨᠳᠦᠰᠦᠲᠡᠨ ᠦ ᠰᠣᠶᠣᠯ ᠰᠤᠷᠭᠠᠨ ᠬᠥᠮᠦᠵᠢᠯ ᠦ᠋ᠨ ᠡᠷᠳᠡᠮᠲᠡᠨ᠂ ᠮᠣᠩᠭᠣᠯ ᠤᠷᠠᠨ ᠪᠢᠴᠢᠯᠭᠡ ᠶ᠋ᠢᠨ ᠣᠨᠣᠯ ᠪᠠ ᠦᠢᠯᠡᠳᠦᠯᠭᠡ ᠶ᠋ᠢᠨ ᠴᠢᠳᠠᠪᠤᠷᠢᠲᠠᠨ᠃1951 ᠦ᠌ 11 ᠰᠠᠷ᠎ᠠ ᠳ᠋ᠤ᠌ ᠥᠪᠥᠷ ᠮᠣᠩᠭᠣᠯ ᠤ᠋ᠨ ᠤᠯᠠᠭᠠᠨᠬᠠᠳᠠ ᠬᠣᠲᠠ ᠶ᠋ᠢᠨ ᠠᠤᠬᠠᠨ ᠬᠤᠰᠢᠭᠤᠨ ᠤ᠋ ᠬᠦᠷᠢᠶᠡᠨ ᠮᠣᠳᠣ ᠨᠤᠲᠤᠭ ᠲᠤ᠌ ᠮᠡᠨᠳᠦᠯᠡᠵᠦ᠂ ᠣᠩᠨᠢᠭᠤᠳ ᠬᠤᠰᠢᠭᠤᠨ ᠤ᠋ ᠪᠠᠶᠠᠨᠲᠠᠯ᠎ᠠ ᠰᠤᠮᠤᠨ ᠳ᠋ᠤ᠌ ᠥᠰᠴᠦ᠂ 1976 ᠣᠨ ᠳ᠋ᠤ᠌ ᠤᠯᠠᠭᠠᠨᠬᠠᠳᠠ ᠬᠣᠲᠠ ᠶ᠋ᠢᠨ ᠯᠢᠨᠳᠦ᠋ᠩ ᠳ᠋ᠡᠬᠢ ᠪᠠᠭᠰᠢ ᠶ᠋ᠢᠨ ᠰᠤᠷᠭᠠᠭᠤᠯᠢ ᠠ᠋ᠴᠠ ᠲᠡᠭᠦᠰᠴᠦ ᠰᠤᠷᠭᠠᠭᠤᠯᠢ ᠳ᠋ᠤ᠌ ᠪᠠᠨ ᠦᠯᠡᠳᠡᠨ ᠪᠠᠭᠰᠢᠯᠠᠵᠠᠢ᠃ ᠲᠤᠰ ᠰᠤᠷᠭᠠᠭᠤᠯᠢ ᠳ᠋ᠤ᠌ ᠰᠡᠳᠬᠢᠴᠡ ᠶ᠋ᠢᠨ ᠵᠦᠢ ᠰᠤᠷᠭᠠᠨ ᠬᠥᠮᠦᠵᠢᠯ ᠦ᠋ᠨ ᠤᠬᠠᠭᠠᠨ ᠤ᠋ ᠬᠢᠴᠢᠶᠡᠯ ᠢ᠋ ᠵᠢᠭᠠᠵᠤ᠂ ᠮᠣᠩᠭᠣᠯ ᠤ᠋ᠨ ᠭᠦᠨ ᠤᠬᠠᠭᠠᠨ ᠤ᠋ ᠲᠡᠦᠬᠡ ᠪᠠ ᠰᠤᠷᠭᠠᠨ ᠬᠥᠮᠦᠵᠢᠯ ᠦ᠋ᠨ ᠰᠤᠳᠤᠯᠭᠠᠨ ᠢ᠋ ᠡᠷᠬᠢᠯᠡᠪᠡ᠃1984 ᠣᠨ ᠳ᠋ᠤ᠌ ᠳᠤᠮᠳᠠᠳᠤ ᠤᠯᠤᠰ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ《ᠭᠦᠨ ᠤᠬᠠᠭᠠᠨ ᠤ᠋ ᠣᠳᠣᠬᠢᠴᠢᠯᠠᠯᠲᠠ》 ᠶ᠋ᠢᠨ ᠪᠣᠯᠪᠠᠰᠤᠷᠠᠯ ᠳ᠋ᠤ᠌ ᠰᠤᠷᠤᠯᠴᠠᠵᠤ᠂1985-1987 ᠣᠨ ᠳ᠋ᠤ᠌ 《ᠳᠤᠮᠳᠠᠳᠤ ᠤᠯᠤᠰ ᠤ᠋ᠨ ᠰᠣᠶᠣᠯ ᠪᠢᠴᠢᠭ ᠦ᠋ᠨ ᠬᠦᠷᠢᠶᠡᠯᠡᠩ ᠦ᠋ᠨ ᠰᠤᠳᠤᠯᠤᠨ ᠰᠤᠷᠤᠯᠴᠠᠬᠤ ᠠᠩᠭᠢ ᠶ᠋ᠢ ᠲᠡᠭᠦᠰᠴᠦ᠂ ᠬᠠᠮᠢᠶ᠎ᠠ ᠪᠦᠬᠦᠢ ᠤᠯᠤᠰ ᠤ᠋ᠨ ᠪᠠ ᠣᠷᠣᠨ ᠤ᠋ ᠡᠷᠳᠡᠮ ᠰᠢᠨᠵᠢᠯᠡᠭᠡᠨ ᠦ᠌ ᠨᠡᠢᠭᠡᠮᠯᠢᠭ ᠦ᠋ᠨ ᠠᠵᠢᠯᠯᠠᠭ᠎ᠠ ᠳ᠋ᠤ᠌ ᠣᠷᠣᠯᠴᠠᠵᠤ ᠠᠮᠵᠢᠯᠲᠠ ᠪᠦᠲᠦᠭᠡᠯ ᠲᠡᠢ ᠶᠠᠪᠤᠪᠠ᠃ 
       1999 ᠣᠨ ᠳ᠋ᠤ᠌ ᠤᠯᠠᠭᠠᠨᠬᠠᠳᠠ ᠬᠣᠲᠠ ᠶ᠋ᠢᠨ ᠰᠤᠷᠭᠠᠨ ᠬᠥᠮᠦᠵᠢᠯ ᠦ᠋ᠨ ᠰᠢᠨᠵᠢᠯᠡᠬᠦ ᠤᠬᠠᠭᠠᠨ ᠤ᠋ ᠰᠤᠳᠤᠯᠬᠤ ᠭᠠᠵᠠᠷ ᠲᠤ᠌ ᠰᠢᠯᠵᠢᠵᠦ᠂ ᠤᠯᠤᠰ ᠤ᠋ᠨ ᠰᠤᠷᠭᠠᠨ ᠬᠥᠮᠦᠵᠢᠯ ᠦ᠋ᠨ ᠶᠠᠮᠤᠨ ᠤ᠋ ᠲᠥᠯᠥᠪᠵᠢᠭᠦᠯᠭᠡ ᠶ᠋ᠢᠨ ᠰᠡᠳᠦᠪ ᠢ᠋ ᠡᠷᠬᠢᠯᠡᠵᠦ᠂ 2006 ᠣᠨ ᠳ᠋ᠤ᠌ ᠲᠥᠪ ᠦ᠋ᠨ ᠰᠤᠷᠭᠠᠨ ᠬᠥᠮᠦᠵᠢᠯ ᠦ᠋ᠨ ᠰᠢᠨᠵᠢᠯᠡᠬᠦ ᠤᠬᠠᠭᠠᠨ ᠤ᠋ ᠰᠤᠳᠤᠯᠬᠤ ᠭᠠᠵᠠᠷ ᠲᠤ᠌ ᠰᠤᠷᠪᠤᠯᠵᠢᠯᠠᠨ ᠰᠤᠳᠤᠯᠤᠭᠴᠢ ᠪᠠᠷ ᠣᠴᠢᠵᠤ᠂ ᠤᠷᠢᠨ ᠬᠡᠷᠡᠭᠯᠡᠭᠳᠡᠵᠦ ᠪᠦᠬᠦ ᠤᠯᠤᠰ ᠤ᠋ᠨ ᠰᠤᠷᠭᠠᠨ ᠬᠥᠮᠦᠵᠢᠯ ᠦ᠋ᠨ ᠰᠤᠳᠤᠯᠭᠠᠨ ᠤ᠋《10 ᠂ 5》᠂《11.5》᠂《12.5》᠂《13.5》 ᠤ᠋ ᠲᠥᠯᠥᠪᠵᠢᠭᠦᠯᠭᠡ ᠶ᠋ᠢᠨ ᠭᠣᠣᠯᠳᠠᠯᠭᠠᠲᠤ ᠰᠡᠳᠦᠪ ᠢ᠋ ᠬᠠᠷᠢᠭᠤᠴᠠᠵᠠᠢ᠃ 2011ᠣᠨ ᠳ᠋ᠤ᠌ ᠠᠯᠪᠠᠨ ᠠᠵᠢᠯ ᠠ᠋ᠴᠠ ᠪᠠᠨ ᠠᠮᠠᠷᠠᠭᠰᠠᠨ ᠠ᠋ᠴᠠ ᠰᠡᠭᠦᠯᠡᠷ᠂ ᠤᠯᠠᠭᠠᠨᠬᠠᠳᠠ ᠶ᠋ᠢᠨ ᠦᠨᠳᠦᠰᠦᠲᠡᠨ ᠦ᠌ ᠰᠣᠶᠣᠯ ᠰᠤᠷᠭᠠᠨ ᠬᠥᠮᠦᠵᠢᠯ ᠦ᠋ᠨ ᠨᠡᠢᠭᠡᠮᠯᠢᠭ ᠢ᠋ ᠡᠭᠦᠰᠬᠡᠨ ᠪᠠᠢᠭᠤᠯᠵᠤ᠂ ᠪᠠᠰᠠ ᠪᠡᠭᠡᠵᠢᠩ ᠳ᠋ᠡᠬᠢ ᠬᠥᠬᠡ ᠣᠳᠣᠨ ᠰᠤᠷᠭᠠᠨ ᠬᠥᠮᠦᠵᠢᠯ ᠰᠢᠨᠵᠢᠯᠡᠭᠡ ᠮᠡᠷᠭᠡᠵᠢᠯ ᠦ᠋ᠨ ᠲᠥᠪ ᠢ᠋ ᠪᠠᠢᠭᠤᠯᠵᠤ᠂ ᠡᠷᠳᠡᠮ ᠰᠢᠨᠵᠢᠯᠡᠭᠡᠨ ᠪᠠ ᠰᠤᠳᠤᠯᠭᠠᠨ ᠤ᠋ ᠠᠵᠢᠯ ᠢ᠋ᠶ᠋ᠠᠨ ᠦᠷᠭᠦᠯᠵᠢᠯᠡᠨ ᠡᠷᠬᠢᠯᠡᠵᠦ ᠵᠣᠬᠢᠶᠠᠯ ᠪᠦᠲᠦᠭᠡᠯ ᠢ᠋ᠶ᠋ᠡᠨ ᠣᠯᠠᠨ ᠤᠳᠠᠭ᠎ᠠ ᠬᠡᠪᠯᠡᠭᠦᠯᠦᠨ ᠨᠡᠢᠲᠡᠯᠡᠵᠦ ᠪᠠᠢᠨ᠎ᠠ᠃
       


       ᠤᠷᠠᠨ ᠪᠢᠴᠢᠯᠭᠡ ᠶ᠋ᠢᠨ ᠲᠠᠯ᠎ᠠ ᠪᠠᠷ᠄ ᠬᠠᠷᠠᠬᠠᠨ ᠪᠠᠭ᠎ᠠ ᠠ᠋ᠴᠠ ᠪᠠᠨ ᠪᠢᠴᠢᠯᠭᠡ ᠳ᠋ᠦ᠍ ᠳᠤᠷ᠎ᠠ ᠪᠠᠬ᠎ᠠ ᠲᠠᠢ᠂ ᠪᠠᠭᠰᠢ ᠶ᠋ᠢᠨ ᠰᠤᠷᠭᠠᠭᠤᠯᠢ ᠳ᠋ᠤ᠌ ᠠᠵᠢᠯᠯᠠᠵᠤ ᠪᠠᠢᠭ᠎ᠠ ᠳ᠋ᠤ᠌ ᠪᠠᠨ ᠮᠣᠩᠭᠣᠯ ᠬᠢᠲᠠᠳ ᠤᠷᠠᠨ ᠪᠢᠴᠢᠯᠭᠡ ᠶ᠋ᠢ ᠪᠣᠯᠪᠠᠰᠤᠷᠠᠵᠤ᠂ ᠰᠤᠷᠤᠭᠴᠢᠳ ᠤ᠋ᠨ ᠭᠤᠷᠪᠠᠨ ᠪᠢᠷ ᠦ᠋ᠨ ᠪᠢᠴᠢᠯᠭᠡ ᠶ᠋ᠢ ᠵᠢᠯᠣᠭᠣᠳᠴᠤ ᠪᠠᠢᠵᠠᠢ᠃ ᠰᠡᠭᠦᠯᠡᠷ ᠨᠢ ᠰᠤᠳᠤᠯᠭᠠᠨ ᠳ᠋ᠤ᠌ ᠶᠠᠪᠤᠵᠤ ᠪᠢᠴᠢᠯᠭᠡ ᠡᠴᠡ ᠰᠠᠯᠤᠭᠰᠠᠨ ᠪᠣᠯᠪᠠᠴᠤ ᠠᠵᠢᠯ ᠠ᠋ᠴᠠ ᠪᠠᠨ ᠠᠮᠠᠷᠠᠭᠰᠠᠨ ᠤ᠋ ᠰᠡᠭᠦᠯᠡᠷ ᠪᠣᠯᠣᠳ ᠪᠢᠷ ᠦ᠋ᠨ ᠪᠢᠴᠢᠯᠭᠡ ᠶ᠋ᠢ ᠳᠠᠬᠢᠨ ᠪᠣᠯᠪᠠᠰᠤᠷᠠᠵᠤ᠂ 2015 ᠣᠨ ᠳ᠋ᠤ᠌ ᠥᠪᠡᠷ ᠦ᠋ᠨ ᠰᠢᠯᠦᠭ ᠢ᠋ᠶ᠋ᠡᠨ ᠪᠣᠯᠣᠳ ᠪᠢᠷ ᠢ᠋ᠶ᠋ᠡᠷ ᠰᠡᠢᠷᠡᠭᠦᠯᠵᠦ᠂《ᠪᠢᠷ ᠦ᠋ᠨ ᠡᠷᠳᠡᠮ ᠪᠢᠯᠢᠭ ᠦ᠋ᠨ ᠤᠶᠠᠩᠭ᠎ᠠᠣᠮᠪᠠᠽᠠᠷ ᠤ᠋ᠨ ᠰᠢᠯᠦᠭ ᠬᠢᠭᠡᠳ ᠪᠣᠯᠣᠳ ᠪᠢᠷ ᠦ᠋ᠨ ᠤᠷᠠᠨ ᠪᠢᠴᠢᠯᠭᠡ》ᠬᠡᠮᠡᠬᠦ ᠨᠣᠮ ᠢ᠋ ᠬᠡᠪᠯᠡᠭᠦᠯᠵᠦ᠂ ᠪᠣᠯᠣᠳ ᠪᠢᠷ ᠦ᠋ᠨ ᠬᠢᠴᠢᠶᠡᠩᠭᠦᠢ ᠪᠢᠴᠢᠯᠭᠡ᠂ ᠲᠠᠲᠠᠯᠭᠠᠨ ᠪᠢᠴᠢᠯᠭᠡ ᠪᠠ ᠦᠵᠦᠭ ᠪᠢᠴᠢᠯᠭᠡ ᠬᠡᠮᠡᠬᠦ ᠭᠤᠷᠪᠠᠨ ᠲᠢᠭ ᠢ᠋ᠶ᠋ᠡᠷ ᠪᠢᠴᠢᠵᠡᠢ᠃ ᠡᠭᠦᠨ ᠳ᠋ᠦ᠍《ᠦᠵᠦᠭ ᠲᠢᠭ》ᠭᠡᠳᠡᠭ ᠨᠢ ᠡᠷᠲᠡᠨ ᠦ᠌ ᠬᠤᠯᠤᠰᠤᠨ ᠦᠵᠦᠭ ᠦ᠋ᠨ ᠪᠢᠴᠢᠯᠭᠡ ᠶ᠋ᠢᠨ ᠠᠷᠭ᠎ᠠ ᠶ᠋ᠢ ᠪᠣᠯᠣᠳ ᠪᠢᠷ ᠦ᠋ᠨ ᠪᠢᠴᠢᠯᠭᠡ ᠳ᠋ᠦ᠍ ᠵᠣᠬᠢᠴᠠᠭᠤᠯᠤᠨ ᠥᠪᠡᠷ ᠦ᠋ᠨ ᠣᠨᠴᠠᠯᠢᠭ ᠲᠠᠢ ᠪᠢᠴᠢᠯᠭᠡ ᠶ᠋ᠢᠨ ᠲᠢᠭ ᠢ᠋ ᠪᠦᠲᠦᠭᠡᠵᠡᠢ᠃ ᠪᠣᠯᠣᠳ ᠪᠢᠷ ᠢ᠋ᠶ᠋ᠡᠷ ᠡᠬᠢᠯᠡᠵᠦ ᠡᠳᠦᠭᠡ ᠦᠰᠦᠨ ᠪᠢᠷ ᠲᠦ᠍ ᠬᠥᠭᠵᠢᠭᠦᠯᠦᠨ ᠬᠡᠷᠡᠭᠯᠡᠵᠦ ᠪᠠᠢᠨ᠎ᠠ᠃ 2016 ᠣᠨ ᠳ᠋ᠤ᠌ ᠣᠲᠣᠭ ᠤ᠋ᠨ ᠡᠮᠦᠨᠡᠲᠦ ᠬᠤᠰᠢᠭᠤᠨ ᠳ᠋ᠤ᠌ ᠪᠣᠯᠤᠭᠰᠠᠨ ᠮᠣᠩᠭᠣᠯ ᠤᠷᠠᠨ ᠪᠢᠴᠢᠯᠭᠡ ᠶ᠋ᠢᠨ ᠮᠦᠽᠧᠢ ᠪᠠᠢᠭᠤᠯᠤᠭᠳᠠᠭᠰᠠᠨ ᠬᠤᠷᠠᠯ ᠳ᠋ᠤ᠌ ᠣᠷᠣᠯᠴᠠᠬᠤ ᠠ᠋ᠴᠠ ᠡᠬᠢᠯᠡᠵᠦ ᠦᠰᠦᠨ ᠪᠢᠷ ᠦ᠋ᠨ ᠤᠷᠠᠨ ᠪᠢᠴᠢᠯᠭᠡ ᠪᠡᠨ ᠳᠠᠬᠢᠨ ᠪᠣᠯᠪᠠᠰᠤᠷᠠᠵᠤ᠂ 2017 ᠣᠨ ᠳ᠋ᠤ᠌《ᠥᠪᠥᠷ ᠮᠣᠩᠭᠣᠯ ᠤ᠋ᠨ ᠮᠣᠩᠭᠣᠯ ᠤᠷᠠᠨ ᠪᠢᠴᠢᠯᠭᠡᠳᠡᠳ ᠦ᠋ᠨ ᠨᠡᠢᠭᠡᠮᠯᠢᠭ》 ᠲᠦ᠍ ᠡᠯᠰᠡᠭᠳᠡᠵᠦ᠂ 2017 ᠣᠨ ᠳ᠋ᠤ᠌ ᠬᠥᠬᠡᠨᠠᠭᠤᠷ ᠲᠤ᠌ ᠪᠣᠯᠤᠭᠰᠠᠨ ᠨᠠᠢ᠍ᠮᠠᠨ ᠮᠣᠵᠢ ᠣᠷᠣᠨ ᠤ᠋ ᠤᠷᠠᠨ ᠪᠢᠴᠢᠯᠭᠡ ᠶ᠋ᠢᠨ ᠡᠭᠡᠯᠵᠢᠲᠦ ᠬᠤᠷᠠᠯ ᠳ᠋ᠤ᠌《ᠮᠣᠩᠭᠣᠯ ᠤᠷᠠᠨ ᠪᠢᠴᠢᠯᠭᠡ》ᠬᠡᠮᠡᠬᠦ ᠳᠠᠭᠤᠨ ᠤ᠋ ᠦᠭᠡ ᠪᠡᠨ ᠳᠡᠪᠰᠢᠭᠦᠯᠵᠦ᠂ ᠰᠡᠭᠦᠯᠡᠷ ᠨᠢ ᠠᠶ᠎ᠠ ᠵᠣᠬᠢᠶᠠᠯᠭᠠᠵᠤ ᠳᠠᠭᠤᠯᠠᠭᠤᠯᠪᠠ᠃ 2018 ᠣᠨ ᠳ᠋ᠤ᠌《ᠨᠠᠢ᠍ᠮᠠᠨ ᠮᠣᠵᠢ ᠣᠷᠣᠨ ᠤ᠋ ᠳᠤᠮᠳᠠᠳᠤ ᠪᠠᠭ᠎ᠠ ᠰᠤᠷᠭᠠᠭᠤᠯᠢ ᠶ᠋ᠢᠨ ᠮᠣᠩᠭᠣᠯ ᠤᠷᠠᠨ ᠪᠢᠴᠢᠯᠭᠡ ᠶ᠋ᠢᠨ ᠰᠤᠷᠭᠠᠨ ᠬᠥᠮᠦᠵᠢᠯ ᠦ᠋ᠨ ᠰᠤᠳᠤᠯᠭᠠᠨ ᠤ᠋ ᠤᠯᠤᠰ ᠤ᠋ᠨ ᠳᠡᠰ ᠦ᠋ᠨ ᠰᠡᠳᠦᠪ ᠢ᠋ ᠡᠷᠬᠢᠯᠡᠵᠦ᠂ ᠣᠷᠳᠣᠰ ᠤ᠋ᠨ ᠳ᠋ᠦᠩᠱᠧᠩ ᠮᠣᠩᠭᠣᠯ ᠰᠤᠷᠭᠠᠭᠤᠯᠢ ᠳ᠋ᠤ᠌ ᠰᠡᠳᠦᠪ ᠡᠬᠢᠯᠡᠬᠦ ᠬᠤᠷᠠᠯ ᠢ᠋ᠶ᠋ᠠᠨ ᠬᠢᠵᠡᠢ᠃ᠲᠤᠰ ᠵᠢᠯ ᠳ᠋ᠦ᠍ ᠪᠠᠰᠠ ᠮᠣᠩᠭᠣᠯ ᠤᠷᠠᠨ ᠪᠢᠴᠢᠯᠭᠡ ᠶ᠋ᠢᠨ ᠪᠦᠲᠦᠭᠡᠯ ᠢ᠋ᠶ᠋ᠡᠨ ᠮᠣᠩᠭᠣᠯ ᠤᠯᠤᠰ ᠤ᠋ᠨ《ᠬᠥᠮᠦᠨ ᠪᠢᠴᠢᠭ》ᠰᠣᠨᠢᠨ ᠳ᠋ᠤ᠌ ᠨᠡᠢᠲᠡᠯᠡᠭᠦᠯᠵᠡᠢ᠃ 2019 ᠣᠨ ᠳ᠋ᠤ᠌ ᠮᠣᠩᠭᠣᠯ ᠤᠷᠠᠨ ᠪᠢᠴᠢᠯᠭᠡ ᠶ᠋ᠢᠨ ᠲᠤᠬᠠᠢ ᠪᠢᠴᠢᠭᠰᠡᠨ ᠡᠷᠳᠡᠮ ᠰᠢᠨᠵᠢᠯᠡᠭᠡᠨ ᠦ᠌ ᠥᠭᠦᠯᠡᠯ ᠨᠢ ᠮᠣᠩᠭᠣᠯ ᠤᠯᠤᠰ ᠤ᠋ᠨ《ᠤᠯᠠᠮᠵᠢᠯᠠᠯ》ᠰᠡᠳᠬᠦᠯ ᠳ᠋ᠦ᠍ ᠨᠡᠢᠲᠡᠯᠡᠭᠳᠡᠵᠦ᠂ ᠲᠤᠰ ᠵᠢᠯ ᠦ᠋ᠨ ᠲᠠᠪᠤᠨ ᠰᠠᠷ᠎ᠠ ᠶ᠋ᠢᠨ ᠨᠢᠭᠡᠨ ᠳ᠋ᠦ᠍ ᠥᠪᠥᠷ ᠮᠣᠩᠭᠣᠯ ᠤ᠋ᠨ ᠣᠳᠣᠨ ᠲᠧᠯᠸᠢᠰ ᠦ᠋ᠨ《ᠰᠢᠯᠦᠭ ᠪᠢᠳᠡ ᠬᠣᠶᠠᠷ》ᠳᠡᠯᠭᠡᠴᠡ ᠳᠡᠭᠡᠷ᠎ᠡ ᠰᠢᠯᠦᠭ ᠢ᠋ᠶ᠋ᠡᠨ ᠤᠶᠠᠩᠭᠠᠯᠠᠵᠤ᠂ ᠪᠢᠷ ᠡᠷᠭᠢᠭᠦᠯᠦᠨ ᠮᠣᠩᠭᠣᠯ ᠤᠷᠠᠨ ᠪᠢᠴᠢᠯᠭᠡ ᠪᠡᠨ ᠭᠠᠢᠬᠠᠭᠤᠯᠵᠠᠢ᠃ ᠣᠢᠷ᠎ᠠ ᠶ᠋ᠢᠨ ᠵᠢᠯ ᠳ᠋ᠦ᠍ ᠤᠷᠠᠨ ᠪᠢᠴᠢᠯᠭᠡ ᠶ᠋ᠢᠨ ᠣᠨᠣᠯ ᠢ᠋ ᠰᠤᠷᠤᠯᠴᠠᠨ ᠰᠤᠳᠤᠯᠵᠤ᠂ ᠶᠠᠷᠢᠶ᠎ᠠ ᠲᠠᠢᠯᠤᠮᠵᠢ ᠥᠷᠨᠢᠭᠦᠯᠵᠦ᠂ ᠤᠷᠠᠨ ᠪᠢᠴᠢᠯᠭᠡ ᠶ᠋ᠢᠨ ᠪᠣᠯᠪᠠᠰᠤᠷᠠᠯ ᠢ᠋ᠶ᠋ᠠᠨ ᠦᠷᠭᠦᠯᠵᠢᠯᠡᠨ ᠭᠦᠨᠵᠡᠭᠡᠢᠷᠡᠭᠦᠯᠵᠦ ᠪᠠᠢᠨ᠎ᠠ᠃