ᠲᠠᠨᠴᠢᠨᠵᠠᠪТанчинжавTanchinjav
ᠲᠠᠨᠴᠢᠨᠵᠠᠪ
ᠡᠳᠦᠷ ᠡᠳᠦᠷ ᠢᠷᠡᠳᠡᠭ ᠲᠠᠨᠴᠢᠨᠵᠠᠪ
ᠥᠨᠥᠳᠥᠷ ᠶᠠᠭᠠᠬᠢᠭᠠᠳ ᠢᠷᠡᠬᠦ ᠪᠡᠨ ᠪᠠᠢᠴᠢᠬᠠᠪᠠ ᠳ᠋ᠣᠣ
ᠥᠨᠥᠳᠥᠷ ᠡᠴᠡ ᠬᠣᠢᠰᠢ ᠢᠷᠡᠬᠦ ᠦᠭᠡᠢ ᠪᠣᠯ
ᠥᠮᠥᠳᠥ ᠶ᠋ᠢ ᠴᠢᠨᠢ ᠤᠷᠠᠯ ᠦᠭᠡᠢ ᠳ᠋ᠣᠣ
ᠰᠠᠷ᠎ᠠ ᠰᠠᠷ᠎ᠠ ᠳ᠋ᠠᠭᠠᠨ ᠢᠷᠡᠳᠡᠭ ᠲᠠᠨᠴᠢᠨᠵᠠᠪ
ᠰᠠᠷ᠎ᠠ ᠳ᠋ᠤ᠌ ᠪᠠᠨ ᠶᠠᠭᠠᠬᠢᠭᠠᠳ ᠢᠷᠡᠬᠦ ᠪᠡᠨ ᠪᠠᠢᠴᠢᠬᠠᠪᠠ ᠳ᠋ᠣᠣ
ᠰᠠᠷ᠎ᠠ ᠠ᠋ᠴᠠ ᠬᠣᠢᠰᠢ ᠪᠠᠨ ᠢᠷᠡᠬᠦ ᠦᠭᠡᠢ ᠶᠦ᠍ᠮ ᠪᠣᠯ
ᠰᠡᠷᠢᠰᠦ ᠶ᠋ᠢ ᠴᠢᠨᠢ ᠬᠣᠭᠣᠯ ᠦᠭᠡᠢ ᠳ᠋ᠣᠣ
ᠵᠢᠯ ᠵᠢᠯ ᠳ᠋ᠦ᠍ ᠪᠡᠨ ᠢᠷᠡᠳᠡᠭ ᠲᠠᠨᠴᠢᠨᠵᠠᠪ
ᠵᠢᠯ ᠳ᠋ᠡᠭᠡᠨ ᠶᠠᠭᠠᠬᠢᠭᠠᠳ ᠢᠷᠡᠬᠦ ᠪᠡᠨ ᠪᠠᠢᠴᠢᠬᠠᠪᠠ ᠳ᠋ᠣᠣ
ᠵᠢᠯ ᠡᠴᠡ ᠬᠣᠢᠰᠢ ᠢᠷᠡᠬᠦ ᠦᠭᠡᠢ ᠪᠣᠯ
ᠴᠢᠬᠢ ᠶ᠋ᠢ ᠴᠢᠨᠢ ᠮᠤᠰᠭᠢᠯ ᠦᠭᠡᠢ ᠳ᠋ᠣᠣ