ᠰᠡᠳᠬᠢᠯ-ᠰᠢᠲᠠ ᠨᠠᠱᠺᠠNashka - Setgel-шат Нашка - Сэтгэл
ᠰᠡᠳᠬᠢᠯ
ᠳᠠᠭᠤᠴᠢᠨ᠄ ᠰᠢᠳᠡ ᠨᠠᠱᠺᠠ
ᠵᠢᠷᠦᠬᠡ ᠴᠡᠭᠡᠵᠢᠨ ᠳ᠋ᠦ᠍ ᠳᠣᠭᠳᠣᠯᠵᠤ
ᠵᠡᠭᠦᠳᠦ ᠰᠢᠭ ᠠᠮᠢᠳᠤᠷᠠᠯ ᠵᠥᠩᠨᠡᠵᠦ
ᠳᠠᠯᠪᠠᠭ᠎ᠠ ᠪᠠᠨ ᠰᠠᠯᠬᠢ ᠪᠠᠷ ᠳᠦᠭᠦᠷᠭᠡᠭᠡᠳ
ᠳᠠᠯᠠᠢ ᠳ᠋ᠤ᠌ ᠠᠶᠠᠯᠠᠬᠤ ᠣᠩᠭᠣᠴᠠ ᠰᠢᠭ᠋᠃
ᠰᠡᠳᠬᠢᠯ ᠮᠢᠨᠢ ᠨᠠᠮ᠎ᠠ ᠶ᠋ᠢ ᠶᠠᠭᠠᠷᠠᠨ ᠳᠠᠭᠠᠭᠤᠯᠵᠤ
ᠰᠠᠨᠠᠭ᠎ᠠ ᠮᠢᠨᠢ ᠴᠦ᠍ ᠠᠮᠠᠷᠠᠬᠤ ᠦᠭᠡᠢ ᠨᠢ ᠠ᠋
ᠰᠠᠷ᠎ᠠ ᠵᠢᠯ ᠢ᠋ᠶ᠋ᠡᠷ ᠬᠦᠰᠡᠨ ᠬᠦᠯᠢᠶᠡᠭᠰᠡᠨ ᠠᠮᠢᠳᠤᠷᠠᠯ
ᠰᠠᠨᠠᠭᠠᠨ ᠳ᠋ᠤ᠌ ᠦᠭᠡᠢ ᠭᠡᠨᠡᠳᠲᠡ ᠢᠷᠡᠨ᠎ᠡ᠃
ᠰᠠᠯᠬᠢ ᠨᠠᠮ᠎ᠠ ᠶ᠋ᠢ ᠳᠠᠭᠤᠳᠠᠭᠠᠴᠢ
ᠰᠠᠷᠠᠨ ᠨᠠᠳᠠ ᠲᠠᠢ ᠳᠠᠭᠤᠯᠠᠭᠠᠴᠢ
ᠬᠤᠢ ᠰᠠᠯᠬᠢ ᠶ᠋ᠢ ᠬᠦᠯᠦᠭᠯᠡᠨ ᠨᠢᠰᠬᠦ
ᠬᠦᠴᠦᠲᠦ ᠪᠦᠷᠭᠦᠳ ᠰᠢᠪᠠᠭᠤ ᠰᠢᠭ᠋
ᠰᠡᠳᠬᠢᠯ ᠮᠢᠨᠢ ᠨᠠᠮ᠎ᠠ ᠶ᠋ᠢ ᠶᠠᠭᠠᠷᠠᠨ ᠳᠠᠭᠠᠭᠤᠯᠵᠤ
ᠰᠠᠨᠠᠭ᠎ᠠ ᠮᠢᠨᠢ ᠴᠦ᠍ ᠠᠮᠠᠷᠠᠬᠤ ᠦᠭᠡᠢ ᠨᠢ ᠠ᠋
ᠰᠠᠷ᠎ᠠ ᠵᠢᠯ ᠢ᠋ᠶ᠋ᠡᠷ ᠬᠦᠰᠡᠨ ᠬᠦᠯᠢᠶᠡᠭᠰᠡᠨ ᠠᠮᠢᠳᠤᠷᠠᠯ
ᠰᠠᠨᠠᠭᠠᠨ ᠳ᠋ᠤ᠌ ᠦᠭᠡᠢ ᠭᠡᠨᠡᠳᠲᠡ ᠢᠷᠡᠨ᠎ᠡ᠃
ᠭᠠᠭᠴᠠ ᠣᠯᠳᠠᠬᠤ ᠠᠮᠢᠳᠤᠷᠠᠯ ᠳ᠋ᠠᠭᠠᠨ ᠮᠥᠷᠥᠭᠡᠳᠦᠯ ᠢ᠋ᠶ᠋ᠡᠷ ᠢ᠋ᠶ᠋ᠡᠨ ᠵᠢᠭᠦᠷᠯᠡᠵᠦ
ᠭᠠᠷᠤᠵᠠ ᠬᠣᠬᠢᠷᠠᠯ ᠠᠮᠰᠠᠪᠠᠴᠤ ᠲᠠᠩᠳᠠ ᠢᠲᠡᠭᠡᠯ ᠳ᠋ᠡᠭᠡᠨ ᠦᠨᠡᠨᠴᠢ ᠦᠯᠡᠳᠡᠨ᠎ᠡ
ᠳᠠᠭᠤᠯᠠᠵᠤ ᠪᠣᠯᠤᠨ᠎ᠠ ᠪᠢ ᠳᠠᠭᠤᠨ ᠳ᠋ᠠᠭᠠᠨ ᠲᠩᠷᠢᠯᠢᠭ ᠬᠠᠢᠷ᠎ᠠ ᠶ᠋ᠢᠨ ᠲᠤᠬᠠᠢ
ᠵᠢᠷᠦᠬᠡ ᠪᠡᠨ ᠪᠢ ᠴᠢᠩᠨᠠᠭᠠᠳ ᠰᠡᠳᠬᠢᠯ ᠢ᠋ᠶ᠋ᠡᠨ ᠪᠢ ᠳᠠᠭᠠᠨ᠎ᠠ᠃
ᠴᠠᠭ ᠤᠯᠠᠷᠢᠨ ᠥᠩᠭᠡᠷᠡᠵᠦ
ᠴᠠᠰᠤ ᠬᠠᠢᠯᠠᠨ ᠬᠠᠨᠵᠠᠷᠠᠵᠤ
ᠪᠤᠭᠤᠷᠤᠯ ᠬᠣᠷᠸ᠎ᠠ ᠪᠠᠷ ᠲᠤᠭᠤᠯᠠᠭᠰᠠᠨ ᠴᠤ᠌
ᠪᠤᠴᠠᠵᠤ ᠡᠷᠭᠢᠬᠦ ᠬᠦᠰᠡᠯ ᠦᠭᠡᠢ
ᠰᠡᠳᠬᠢᠯ ᠮᠢᠨᠢ ᠨᠠᠮ᠎ᠠ ᠶ᠋ᠢ ᠶᠠᠭᠠᠷᠠᠨ ᠳᠠᠭᠠᠭᠤᠯᠵᠤ
ᠰᠠᠨᠠᠭ᠎ᠠ ᠮᠢᠨᠢ ᠴᠦ᠍ ᠠᠮᠠᠷᠠᠬᠤ ᠦᠭᠡᠢ ᠨᠢ ᠠ᠋
ᠰᠠᠷ᠎ᠠ ᠵᠢᠯ ᠢ᠋ᠶ᠋ᠡᠷ ᠬᠦᠰᠡᠨ ᠬᠦᠯᠢᠶᠡᠭᠰᠡᠨ ᠠᠮᠢᠳᠤᠷᠠᠯ
ᠰᠠᠨᠠᠭᠠᠨ ᠳ᠋ᠤ᠌ ᠦᠭᠡᠢ ᠭᠡᠨᠡᠳᠲᠡ ᠢᠷᠡᠨ᠎ᠡ᠃
ᠭᠠᠭᠴᠠ ᠣᠯᠳᠠᠬᠤ ᠠᠮᠢᠳᠤᠷᠠᠯ ᠳ᠋ᠠᠭᠠᠨ ᠮᠥᠷᠥᠭᠡᠳᠦᠯ ᠢ᠋ᠶ᠋ᠡᠷ ᠢ᠋ᠶ᠋ᠡᠨ ᠵᠢᠭᠦᠷᠯᠡᠵᠦ
ᠭᠠᠷᠤᠵᠠ ᠬᠣᠬᠢᠷᠠᠯ ᠠᠮᠰᠠᠪᠠᠴᠤ ᠲᠠᠩᠳᠠ ᠢᠲᠡᠭᠡᠯ ᠳ᠋ᠡᠭᠡᠨ ᠦᠨᠡᠨᠴᠢ ᠦᠯᠡᠳᠡᠨ᠎ᠡ
ᠳᠠᠭᠤᠯᠠᠵᠤ ᠪᠣᠯᠤᠨ᠎ᠠ ᠪᠢ ᠳᠠᠭᠤᠨ ᠳ᠋ᠠᠭᠠᠨ ᠲᠩᠷᠢᠯᠢᠭ ᠬᠠᠢᠷ᠎ᠠ ᠶ᠋ᠢᠨ ᠲᠤᠬᠠᠢ
ᠵᠢᠷᠦᠬᠡ ᠪᠡᠨ ᠪᠢ ᠴᠢᠩᠨᠠᠭᠠᠳ ᠰᠡᠳᠬᠢᠯ ᠢ᠋ᠶ᠋ᠡᠨ ᠪᠢ ᠳᠠᠭᠠᠨ᠎ᠠ᠃
ᠭᠠᠭᠴᠠ ᠣᠯᠳᠠᠬᠤ ᠠᠮᠢᠳᠤᠷᠠᠯ ᠳ᠋ᠠᠭᠠᠨ ᠮᠥᠷᠥᠭᠡᠳᠦᠯ ᠢ᠋ᠶ᠋ᠡᠷ ᠢ᠋ᠶ᠋ᠡᠨ ᠵᠢᠭᠦᠷᠯᠡᠵᠦ
ᠭᠠᠷᠤᠵᠠ ᠬᠣᠬᠢᠷᠠᠯ ᠠᠮᠰᠠᠪᠠᠴᠤ ᠲᠠᠩᠳᠠ ᠢᠲᠡᠭᠡᠯ ᠳ᠋ᠡᠭᠡᠨ ᠦᠨᠡᠨᠴᠢ ᠦᠯᠡᠳᠡᠨ᠎ᠡ
ᠳᠠᠭᠤᠯᠠᠵᠤ ᠪᠣᠯᠤᠨ᠎ᠠ ᠪᠢ ᠳᠠᠭᠤᠨ ᠳ᠋ᠠᠭᠠᠨ ᠲᠩᠷᠢᠯᠢᠭ ᠬᠠᠢᠷ᠎ᠠ ᠶ᠋ᠢᠨ ᠲᠤᠬᠠᠢ
ᠵᠢᠷᠦᠬᠡ ᠪᠡᠨ ᠪᠢ ᠴᠢᠩᠨᠠᠭᠠᠳ ᠰᠡᠳᠬᠢᠯ ᠢ᠋ᠶ᠋ᠡᠨ ᠪᠢ ᠳᠠᠭᠠᠨ᠎ᠠ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
