ᠬᠡᠯᠡ ᠪᠢᠴᠢᠭ - ᠪᠠᠭ᠎ᠠ ᠰᠤᠷᠭᠠᠭᠤᠯᠢ ᠨᠢᠭᠡᠳᠦᠭᠡᠷ ᠣᠨ ᠳᠣᠣᠷᠠᠳᠤ 19 ᠨᠠᠢᠵᠠ ᠲᠠᠢ ᠬᠥᠮᠦᠨ ᠰᠠᠢᠬᠠᠨХэл бичиг-бага сургуули нэгдүгээр он доорд
19 ᠨᠠᠢᠵᠠ ᠲᠠᠢ ᠬᠥᠮᠦᠨ ᠰᠠᠢᠬᠠᠨ
ᠫᠣ᠊ ᠂ ᠦᠯᠵᠡᠢᠨᠠᠷᠠᠨ
ᠨᠠᠢᠷᠰᠠᠭ ᠵᠠᠩ ᠭᠠ ᠭᠠ ᠰᠢᠦ
ᠨᠠᠢᠵᠠ ᠲᠠᠢ ᠬᠥᠮᠦᠨ ᠰᠠᠢᠬᠠᠨ ᠰᠢᠦ
ᠪᠠᠭ᠎ᠠ ᠶ᠋ᠢᠨ ᠰᠠᠢᠬᠠᠨ ᠨᠠᠢᠵᠠ ᠨᠠᠷ ᠠ᠋
ᠪᠠᠶᠠᠷᠲᠠᠢ ᠬᠡᠳᠦᠭᠦᠯᠡ ᠲᠣᠭᠯᠠᠵᠠᠭᠠᠶᠠ!
ᠬᠥᠳᠡᠭᠡ ᠬᠡᠭᠡᠷ᠎ᠡ ᠭᠠᠷᠴᠤ
ᠭᠡᠷ ᠪᠠᠷᠢᠵᠤ ᠲᠣᠭᠯᠠᠶ᠎ᠠ
ᠨᠢᠭᠡ ᠭᠡᠷ ᠦ᠋ᠨ ᠬᠥᠮᠦᠨ ᠪᠣᠯᠵᠤ
ᠨᠢᠩᠵᠢᠨ ᠰᠡᠳᠬᠢᠯ ᠲᠡᠢ ᠲᠣᠭᠯᠠᠶ᠎ᠠ᠃
ᠰᠢᠵᠢᠷ ᠳᠡᠭᠦᠦ ᠨᠠᠭᠠᠰᠢ ᠪᠠᠨ ᠢᠷ᠎ᠡ
ᠰᠢᠬᠢᠷ ᠥᠭᠭᠦᠶ᠎ᠡ᠂ ᠨᠠᠢᠵᠠ ᠨᠢ!
ᠪᠠᠲᠤ ᠳᠡᠭᠦᠦ ᠨᠠᠭᠠᠰᠢ ᠪᠠᠨ ᠢᠷ᠎ᠡ
ᠪᠠᠷᠰ ᠵᠢᠷᠤᠵᠤ ᠥᠭᠭᠦᠶ᠎ᠡ᠂ ᠴᠢᠮ᠎ᠠ ᠳ᠋ᠤ᠌!
ᠢᠩᠭᠢᠵᠦ ᠨᠠᠢᠵᠠ ᠪᠣᠯᠤᠨ᠎ᠠ ᠳᠠ
ᠢᠲᠡᠭᠡᠯ ᠬᠠᠢᠷ᠎ᠠ ᠲᠠᠢ ᠶᠠᠪᠤᠨ᠎ᠠ ᠳᠠ
ᠨᠠᠢᠵᠠ ᠲᠠᠢ ᠬᠥᠮᠦᠨ ᠰᠠᠢᠬᠠᠨ ᠰᠢᠦ
ᠨᠠᠢᠷ ᠲᠠᠢ ᠡᠶᠡᠯᠰᠡᠭ ᠶᠠᠪᠤᠨ᠎ᠠ ᠳᠠ᠃
