ᠵᠡᠭᠡᠷ᠎ᠡ ᠲᠠᠭᠰᠢᠭᠰᠠᠨ ᠭᠣᠪᠢ-ᠰᠠᠬᠢᠶ᠎ᠠ Дуучин Сахиа - Зээр тагшсан говь Duuchin Sahia
ᠵᠡᠭᠡᠷ᠎ᠡ ᠲᠠᠭᠰᠢᠭᠰᠠᠨ ᠭᠣᠪᠢ
ᠦᠭᠡ᠄ ᠲ· ᠯᠣᠪᠰᠩ
ᠠᠶ᠎ᠠ᠄ ᠳᠣᠨᠳᠣᠪ· ᠴᠢᠯᠠᠭᠤ
ᠳᠠᠭᠤᠴᠢᠨ᠄ ᠰᠠᠬᠢᠶ᠎ᠠ
ᠵᠡᠭᠡᠷ᠎ᠡ ᠲᠠᠭᠰᠢᠭᠰᠠᠨ ᠭᠣᠪᠢ ᠨᠢ
ᠵᠡᠷᠭᠡᠯᠭᠡᠨ ᠳᠤᠮᠳᠠ ᠪᠠᠨ ᠪᠤᠳᠠᠩ ᠲᠠᠢ
ᠵᠢᠩᠬᠢᠨᠢ ᠠᠮᠠᠷᠠᠭ ᠬᠣᠶᠠᠷ ᠨᠢ
ᠰᠡᠳᠬᠢᠯ ᠦ᠋ᠨ ᠳᠤᠮᠳᠠ ᠪᠠᠨ ᠪᠤᠳᠠᠩ ᠲᠠᠢ
ᠬᠠᠪᠲᠠᠭᠠᠢ ᠲᠡᠰᠢᠭᠰᠡᠨ ᠭᠣᠪᠢ ᠨᠢ
ᠬᠠᠪᠤᠷ ᠤ᠋ᠨ ᠳᠤᠮᠳᠠ ᠪᠠᠨ ᠪᠤᠳᠠᠩ ᠲᠠᠢ
ᠬᠠᠨᠢᠯᠠᠬᠤ ᠶ᠋ᠢ ᠬᠦᠰᠡᠭᠰᠡᠨ ᠬᠣᠶᠠᠷ ᠨᠢ ᠬᠥ
ᠬᠠᠢᠷ᠎ᠠ ᠶ᠋ᠢᠨ ᠰᠡᠳᠬᠢᠯ ᠳ᠋ᠦ᠍ ᠪᠡᠨ ᠪᠤᠳᠠᠩ ᠲᠠᠢ
ᠤᠷᠭᠤᠭ᠎ᠠ ᠨᠠᠷᠠᠨ ᠳ᠋ᠤ᠌ ᠳ᠋ᠤ᠌ ᠪᠠᠨ ᠬᠠᠢᠯᠠᠳᠠᠭ ᠨᠢ
ᠠᠭᠤᠯᠠ ᠶ᠋ᠢᠨ ᠬᠣᠩᠭᠣᠷ ᠴᠠᠰᠤ ᠤᠤ ᠳᠠ ᠬᠥ
ᠤᠬᠠᠭᠠᠨ ᠬᠠᠢᠷᠠᠨ ᠳ᠋ᠤ᠌ ᠬᠠᠢᠯᠳᠠᠭ ᠨᠢ
ᠤᠢᠳᠬᠠᠷ ᠰᠡᠳᠬᠢᠯ ᠦ᠋ᠨ ᠭᠤᠨᠢᠭ ᠤᠤ ᠳᠠ
ᠬᠠᠳᠠᠨ ᠤ᠋ ᠴᠠᠭᠠᠨ᠎ᠠ ᠠ᠋ᠴᠠ ᠴᠤᠬᠤᠢᠳᠠᠭ ᠨᠢ
ᠬᠠᠪᠤᠷ ᠤ᠋ᠨ ᠴᠡᠩᠬᠡᠷ ᠢᠷᠭᠤᠢ ᠳᠠ
ᠬᠠᠷᠰᠢ ᠰᠠᠭᠠᠳ ᠲᠤ᠌ ᠴᠤᠴᠠᠭ᠎ᠠ ᠦᠭᠡᠢ
ᠬᠠᠢᠷ᠎ᠠ ᠶ᠋ᠢᠨ ᠦᠨᠡᠨᠴᠢ ᠰᠡᠳᠬᠢᠯ ᠦᠦ ᠳᠡ ᠬᠥ
ᠬᠣᠷᠭᠣᠢ ᠲᠣᠷᠭᠠᠨ ᠳ᠋ᠤ᠌ ᠬᠣᠷᠭᠣᠳᠠᠭ᠎ᠠ ᠦᠭᠡᠢ
ᠬᠣᠣᠰ ᠦᠭᠡᠢ ᠠᠷᠢᠭᠤᠨ ᠬᠠᠢᠷ᠎ᠠ ᠤᠤ ᠳᠠ
ᠬᠤᠷᠴᠠ ᠮᠡᠰᠡᠨ ᠳ᠋ᠦ᠍ ᠰᠠᠯᠭᠠᠭᠳᠠᠭᠠ ᠦᠭᠡᠢ
ᠬᠣᠩᠭᠣᠷ ᠬᠣᠶᠠᠷ ᠤ᠋ᠨ ᠵᠢᠷᠦᠬᠡ ᠦᠦ ᠳᠡ
ᠠᠷ ᠲᠠᠢ ᠲᠣᠷᠭᠠᠨ ᠳ᠋ᠤ᠌ ᠠᠪᠲᠠᠭ᠎ᠠ ᠦᠭᠡᠢ
ᠠᠮᠠᠷᠠᠭ ᠤ᠋ᠨ ᠦᠨᠡᠲᠦ ᠰᠡᠳᠬᠢᠯ ᠳᠡ
ᠠᠶᠤᠯ ᠰᠠᠭᠠᠳ ᠲᠤ᠌ ᠲᠣᠷᠣᠭ᠎ᠠ ᠦᠭᠡᠢ
ᠠᠷᠢᠭᠤᠨ ᠬᠣᠶᠠᠷ ᠤ᠋ᠨ ᠵᠢᠳᠬᠦᠯ ᠦᠦ ᠳᠡ ᠬᠥ
ᠠᠶᠠᠨ ᠬᠣᠯᠠ ᠶ᠋ᠢᠨ ᠪᠠᠷᠲᠠᠭ᠎ᠠ ᠶ᠋ᠢ
ᠠᠭᠲᠠ ᠶ᠋ᠢᠨ ᠢ᠋ᠶ᠋ᠡᠨ ᠬᠤᠷᠳᠤ ᠪᠠᠷ ᠳᠠᠪᠠᠭᠠᠷᠠᠢ ᠬᠥ
ᠠᠯᠤᠰ ᠤ᠋ᠨ ᠭᠣᠪᠢ ᠶ᠋ᠢᠨ ᠪᠤᠳᠠᠩ ᠢ᠋
ᠬᠠᠷᠠᠭᠠᠨ ᠤ᠋ ᠬᠤᠷᠴᠠ ᠪᠠᠷ ᠰᠢᠨᠵᠢᠭᠡᠷᠡᠢ ᠳᠡ
ᠵᠣᠷᠢᠭᠰᠠᠨ ᠬᠣᠯᠠ ᠶ᠋ᠢᠨ ᠭᠠᠵᠠᠷ ᠢ᠋
ᠵᠢᠷᠣᠭ᠎ᠠ ᠬᠣᠯᠠ ᠪᠠᠷ ᠢ᠋ᠶ᠋ᠠᠨ ᠡᠪᠬᠡᠭᠡᠷᠡᠢ
ᠵᠣᠯ ᠵᠢᠷᠭᠠᠯ ᠳ᠋ᠤ᠌ ᠬᠦᠷᠬᠦ ᠪᠡᠷ
ᠵᠣᠭᠰᠣᠯᠲᠠ ᠦᠭᠡᠢ ᠲᠡᠮᠡᠴᠡᠭᠡᠷᠡᠢ ᠬᠥ
ᠵᠣᠭᠰᠣᠯᠲᠠ ᠦᠭᠡᠢ ᠲᠡᠮᠡᠴᠡᠭᠡᠷᠡᠢ ᠬᠦ᠋
ᠦᠰᠦᠭ ᠠᠮᠢᠯᠠᠭᠤᠯᠤᠭᠰᠠᠨ ᠨᠢ᠄ ᠪᠦᠷᠢᠨᠵᠢᠷᠭᠠᠯ
ᠦᠰᠦᠭ ᠬᠠᠳᠠᠭᠰᠠᠨ ᠨᠢ᠄ ᠪᠦᠷᠢᠨᠵᠢᠷᠭᠠᠯ
ᠬᠢᠨᠠᠭᠴᠢ᠄ ᠣᠳᠬᠤᠩᠬᠤᠸᠠᠷ
