ᠮᠣᠩᠭᠣᠯ ᠊ᠤᠨ ᠲᠤᠬᠠᠢ ᠵᠣᠭᠣᠭ-ᠪᠣᠷᠵᠢᠭᠢᠨ·ᠰᠡᠴᠡᠨᠬᠦᠦМонголын тухай зоог-Боржгин·сэцэнхүү ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠊ᠤᠨ ᠲᠤᠬᠠᠢ ᠵᠣᠭᠣᠭ-ᠪᠣᠷᠵᠢᠭᠢᠨ·ᠰᠡᠴᠡᠨᠬᠦᠦМонголын тухай зоог-Боржгин·сэцэнхүү

ᠮᠣᠩᠭᠣᠯ ᠊ᠤᠨ ᠲᠤᠬᠠᠢ ᠵᠣᠭᠣᠭ-ᠪᠣᠷᠵᠢᠭᠢᠨ·ᠰᠡᠴᠡᠨᠬᠦᠦМонголын тухай зоог-Боржгин·сэцэнхүү

2025-03-31

1278

ᠮᠣᠩᠭᠣᠯ ᠊ᠤᠨ ᠲᠤᠬᠠᠢ ᠵᠣᠭᠣᠭ

     ᠦᠭᠡ᠄  ᠪᠣᠷᠵᠢᠭᠢᠨ·ᠰᠡᠴᠡᠨᠬᠦᠦ 
     ᠤᠶᠠᠩᠭᠠᠯᠠᠭᠴᠢ᠄ ᠪᠤᠤ᠂ ᠰᠠᠷᠠᠨ᠎ᠠ 

ᠮᠣᠩᠭᠣᠯ— ᠲᠡᠦᠬᠡᠲᠦ ᠦᠨᠳᠦᠰᠦᠲᠡᠨ 
ᠳᠠᠷᠬᠠᠨ ᠳᠡᠭᠡᠳᠦ ᠲᠡᠢ ᠤᠭᠰᠠᠭᠠᠲᠠᠨ 
ᠮᠥᠩᠬᠡ ᠶ᠋ᠢᠨ ᠬᠡᠯᠡᠲᠡᠨ 
ᠮᠠᠨᠳᠤᠵᠤ ᠬᠥᠭᠵᠢᠭᠰᠡᠨ ᠶᠠᠰᠤᠲᠠᠨ 

ᠬᠡᠨ ᠴᠦ᠍ ᠡᠭᠦᠨ ᠢ᠋ ᠪᠢᠰᠢ ᠭᠡᠵᠦ ᠴᠢᠳᠠᠬᠤ ᠦᠭᠡᠢ 
ᠬᠡᠯᠡᠪᠡᠯ ᠲᠡᠦᠬᠡ ᠭᠡᠷᠡᠴᠢ ᠪᠣᠯᠤᠨ᠎ᠠ 
ᠶᠠᠮᠠᠷᠴᠤ ᠬᠥᠮᠦᠨ ᠪᠠᠯᠠᠯᠵᠤ ᠳᠡᠢᠯᠬᠦ ᠦᠭᠡᠢ 
ᠶᠡᠬᠡ ᠮᠣᠩᠭᠣᠯ ᠤ᠋ᠨ ᠰᠤᠳᠤᠷ ᠪᠣᠢ! 

ᠣᠳᠣ ᠬᠡᠯᠡᠬᠦ ᠳ᠋ᠦ᠍ ᠬᠡᠯᠡᠯᠭᠡ ᠥᠭᠡᠷᠡᠲᠦᠵᠡᠢ
ᠣᠷᠴᠢᠯᠠᠩ ᠤ᠋ᠨ ᠬᠥᠮᠦᠨ ᠦ᠌ ᠶᠠᠷᠢᠶ᠎ᠠ ᠣᠯᠠᠰᠢᠷᠠᠵᠠᠢ
ᠣᠯᠠᠨ ᠤ᠋ ᠠᠮᠠ ᠠᠭᠤᠯᠠ ᠨᠡᠭᠦᠯᠭᠡᠨ᠎ᠡ ᠭᠡᠭᠴᠢ
ᠤᠴᠢᠷ ᠲᠠᠢ ᠶᠠᠷᠢᠶ᠎ᠠ ᠮᠥᠨᠴᠥ ᠪᠣᠯᠪᠠ ᠤᠤ⁈

ᠮᠣᠩᠭᠣᠯ ᠪᠢᠰᠢ ᠪᠣᠯᠵᠠᠢ ᠭᠡᠬᠦ ᠶᠠᠷᠢᠶ᠎ᠠ
ᠮᠤᠩ ᠦᠭᠡᠢ ᠣᠯᠠᠨ ᠳᠡᠯᠭᠡᠷᠡᠵᠦ ᠳ᠋ᠡ
ᠮᠠᠭᠤ ᠰᠠᠢᠨ ᠵᠥᠪ ᠪᠤᠷᠤᠭᠤ ᠣᠯᠠᠨ ᠦᠭᠡ
ᠮᠥᠨᠴᠥ ᠠᠷᠪᠢᠨ ᠶᠠᠷᠢᠭᠳᠠᠳᠠᠭ ᠪᠣᠯᠤᠯ᠎ᠠ

ᠠᠭᠤᠯᠠ ᠨᠢ ᠤᠷᠭᠤᠮᠠᠯ ᠢ᠋ᠶ᠋ᠠᠨ ᠪᠠᠷᠠᠵᠤ ᠭᠡᠨ᠎ᠡ
ᠤᠰᠤ  ᠨᠢ ᠪᠤᠯᠠᠩᠭᠢᠷ ᠲᠠᠢ ᠪᠣᠯᠵᠤ ᠭᠡᠨ᠎ᠡ
ᠦᠵᠡᠬᠦ ᠳ᠋ᠦ᠍ ᠠᠭᠤᠳᠠᠮ ᠪᠢᠰᠢ ᠭᠡᠨ᠎ᠡ
ᠥᠷᠭᠡᠰᠦᠲᠦ ᠲᠣᠣᠷ ᠬᠥᠨᠳᠡᠯᠢᠰᠴᠦ ᠭᠡᠨ᠎ᠡ

ᠳᠡᠯᠭᠡᠷᠡᠮᠡᠷ ᠴᠡᠴᠡᠭ ᠦ᠋ᠳ ᠠᠯᠠᠭ᠎ᠠ ᠭᠡᠨ᠎ᠡ
ᠲᠠᠯ᠎ᠠ ᠨᠢ ᠬᠦᠷᠲᠡᠯ᠎ᠡ ᠡᠯᠡᠰᠦ ᠶᠦ᠍ᠮ ᠭᠡᠨ᠎ᠡ
ᠲᠠᠨᠠᠨ ᠴᠠᠭᠠᠨ ᠮᠣᠩᠭᠣᠯ ᠭᠡᠷ ᠨᠢ
ᠲᠡᠷᠡ ᠴᠢᠭ ᠢ᠋ᠶ᠋ᠡᠷ ᠤᠰᠠᠳᠴᠤ ᠭᠡᠨ᠎ᠡ

ᠮᠣᠷᠢ ᠦᠵᠡᠭᠳᠡᠬᠦ ᠨᠢ ᠴᠥᠭᠡᠬᠡᠷᠡᠵᠦ ᠭᠡᠨ᠎ᠡ
ᠮᠣᠲ᠋ᠣᠷ ᠲᠡᠭᠦᠨ ᠢ᠋ ᠨᠢ ᠣᠷᠣᠯᠠᠵᠤ ᠭᠡᠨ᠎ᠡ
ᠮᠠᠯ ᠨᠢ ᠬᠦᠷᠲᠡᠯ᠎ᠡ ᠨᠡᠷ᠎ᠡ ᠪᠡᠨ ᠬᠠᠯᠠᠭᠠᠳ
ᠮᠢᠬ᠎ᠠ ᠭᠡᠳᠡᠭ ᠴᠣᠯᠠ ᠠᠪᠴᠤ ᠭᠡᠨ᠎ᠡ

ᠬᠥᠮᠦᠨ ᠨᠢ ᠬᠣᠪᠳᠣᠭ ᠪᠣᠯᠵᠤ ᠭᠡᠨ᠎ᠡ
ᠬᠥᠨᠳᠡᠯᠡᠨ ᠦ᠌ ᠬᠠᠷᠢᠴᠠᠭ᠎ᠠ ᠣᠯᠠᠰᠢᠷᠠᠵᠤ ᠭᠡᠨ᠎ᠡ
ᠬᠡᠯᠡ ᠨᠢ ᠬᠦᠷᠲᠡᠯ᠎ᠡ ᠬᠤᠪᠢᠷᠠᠵᠤ ᠭᠡᠨ᠎ᠡ
ᠬᠠᠷᠢ ᠬᠡᠯᠡᠲᠡᠨ ᠪᠣᠯᠤᠭᠠᠳ ᠶᠠᠪᠤᠵᠤ ᠪᠠᠢᠨ᠎ᠠ ᠭᠡᠨ᠎ᠡ

ᠵᠠᠯᠠᠭᠤ ᠪᠠᠭ᠎ᠠ ᠶ᠋ᠢᠨ ᠨᠠᠢᠵᠠ ᠨᠠᠷ  ᠨᠢ
ᠵᠠᠮ ᠳ᠋ᠤ᠌ ᠲᠠᠭᠠᠷᠠᠪᠠᠴᠤ ᠲᠠᠨᠢᠬᠤ ᠦᠭᠡᠢ ᠭᠡᠨ᠎ᠡ
ᠵᠠᠪᠳᠤᠬᠤ ᠦᠭᠡᠢ ᠪᠣᠯ ᠬᠣᠵᠢᠭᠳᠠᠨ᠎ᠠ ᠭᠡᠵᠦ
ᠵᠣᠭᠣᠰ ᠭᠡᠳ ᠭᠦᠶᠦᠵᠦ ᠪᠠᠢᠨ᠎ᠠ ᠭᠡᠨ᠎ᠡ

ᠣᠯᠠᠨ᠎ᠠ ᠤᠯᠠᠮᠵᠢᠯᠠᠭᠳᠠᠭᠰᠠᠨ ᠡᠨᠡᠬᠦ ᠶᠠᠷᠢᠶ᠎ᠠ
ᠦᠨᠡᠨ ᠴᠦ᠍  ᠪᠣᠯᠤᠭ ᠬᠤᠳᠠᠯ ᠴᠤ᠌ ᠪᠣᠯᠤᠭ
ᠥᠰᠬᠡᠵᠦ ᠬᠥᠮᠦᠵᠢᠭᠦᠯᠦᠭᠰᠡᠨ ᠮᠣᠩᠭᠣᠯ ᠢ᠋ᠶ᠋ᠠᠨ
ᠥᠨᠢᠳᠡ ᠪᠢᠳᠡ ᠨᠠᠨᠳᠢᠩᠨᠠᠵᠤ ᠶᠠᠪᠤᠶ᠎ᠠ

ᠴᠤᠤᠷᠬᠠᠯ ᠴᠤ᠌ ᠪᠣᠯᠤᠭ ᠡᠨᠡᠬᠦ ᠶᠠᠷᠢᠶ᠎ᠠ ᠶ᠋ᠢ
ᠴᠢᠨᠠᠭᠰᠢ ᠪᠢᠳᠡ ᠰᠤᠳᠤᠯᠵᠤ ᠦᠵᠡᠶ᠎ᠡ
ᠴᠣᠬᠣᠮ ᠶᠠᠮᠠᠷ ᠪᠣᠯᠵᠤ ᠪᠠᠢᠨ᠎ᠠ ᠭᠡᠵᠦ
ᠴᠡᠭᠡᠵᠢᠨ ᠳ᠋ᠡᠭᠡᠨ ᠬᠡᠵᠢᠶᠡᠳᠡ ᠰᠢᠨᠵᠢᠯᠡᠵᠦ ᠦᠵᠡᠶ᠎ᠡ

ᠳᠠᠶᠠᠭᠠᠷ ᠲᠤ᠌ ᠶᠠᠷᠢᠭᠳᠠᠭᠰᠠᠨ ᠡᠨᠡ ᠵᠣᠭᠣᠭ
ᠳᠠᠬᠢᠵᠤ ᠭᠠᠷᠬᠤ ᠦᠭᠡᠢ ᠪᠠᠢᠭᠠᠰᠠᠢ
ᠲᠡᠨᠢᠭᠡᠷ ᠠᠭᠤᠳᠠᠮ ᠮᠣᠩᠭᠣᠯ ᠮᠢᠨᠢ
ᠳᠡᠯᠭᠡᠷᠡᠵᠦ ᠬᠥᠭᠵᠢᠬᠦ ᠪᠣᠯᠲᠤᠭᠠᠢ!
ᠪᠣᠯᠲᠤᠭᠠᠢ!     ᠪᠣᠯᠲᠤᠭᠠᠢ!

        2004 ᠣᠨ ᠤ᠋ ᠪᠢᠯᠢᠭ ᠦ᠋ᠨ ᠤᠯᠠᠷᠢᠯ ᠤ᠋ᠨ ᠳᠡᠯᠭᠡᠷᠡᠬᠦ ᠵᠤᠨ ᠤ᠋ ᠵᠢᠷᠭᠤᠭᠠᠨ ᠰᠠᠷ᠎ᠠ ᠳ᠋ᠤ᠌ ᠡᠬᠡ ᠪᠢᠴᠢᠭ ᠢ᠋ ᠪᠢᠴᠢᠵᠦ ᠠᠷᠭ᠎ᠠ ᠶ᠋ᠢᠨ ᠤᠯᠠᠷᠢᠯ ᠤ᠋ᠨ2010 ᠣᠨ ᠤ᠋1 ᠰᠠᠷᠠᠢᠨ ᠠᠷᠪᠠᠨ᠎ᠠ ᠬᠠᠭᠤᠯᠪᠠ᠃

ᠦᠰᠦᠭ ᠠᠮᠢᠯᠠᠭᠤᠯᠤᠭᠴᠢ᠄ ᠪᠤᠤ᠂ ᠰᠠᠷᠠᠨ᠎ᠠ
ᠦᠰᠦᠭ ᠬᠠᠳᠠᠭᠴᠢ᠄ ᠪᠤᠤ᠂ ᠰᠠᠷᠠᠨ᠎ᠠ
ᠬᠢᠨᠠᠭᠴᠢ᠄ ᠳᠡᠭᠦᠦᠵᠠᠶᠠᠭ᠎ᠠ᠂ ᠣᠳᠬᠠᠨᠰᠣ᠎ᠠ