ᠡᠷᠲᠡ ᠤᠷᠢᠳᠤ ᠶ᠋ᠢᠨ ᠴᠠᠭ ᠲᠤ ᠨᠢᠭᠡ ᠤᠯᠤᠰ ᠤ᠋ᠨ ᠬᠠᠭᠠᠨ ᠳᠥᠷᠪᠡᠨ ᠬᠦᠦ ᠲᠡᠢ ᠪᠠᠢᠵᠠᠢ᠃ ᠨᠢᠭᠡ ᠡᠳᠦᠷ ᠬᠠᠭᠠᠨ ᠳᠥᠷᠪᠡᠨ ᠬᠦᠦ ᠪᠡᠨ ᠳᠠᠭᠤᠳᠠᠭᠠᠳ᠄《ᠮᠠᠨ ᠤ᠋ ᠣᠳᠣ ᠶ᠋ᠢᠨ ᠰᠠᠭᠤᠵᠤ ᠪᠠᠢᠭ᠎ᠠ ᠭᠠᠵᠠᠷ ᠶᠡᠬᠡ ᠮᠠᠭᠤᠳᠠᠵᠠᠢ᠃ ᠪᠢᠳᠡ ᠣᠳᠣ ᠠᠭᠤᠯᠠ ᠤᠰᠤ ᠲᠠᠢ᠂ ᠣᠢ ᠮᠣᠳᠣ ᠡᠪᠡᠰᠦ ᠪᠡᠯᠴᠢᠭᠡᠷ ᠰᠠᠢᠨ ᠭᠠᠵᠠᠷ ᠰᠠᠭᠤᠷᠢᠰᠢᠬᠤ ᠴᠢᠬᠤᠯᠠᠲᠠᠢ ᠪᠣᠯᠵᠠᠢ᠃ ᠲᠡᠢᠮᠦ ᠡᠴᠡ ᠲᠠᠨᠠᠷ ᠭᠠᠷᠴᠤ ᠡᠢᠮᠦ ᠰᠠᠢᠬᠠᠨ ᠭᠠᠵᠠᠷ ᠢ᠋ ᠡᠷᠢᠭᠡᠳ ᠢᠷ᠎ᠡ》 ᠭᠡᠵᠡᠢ᠃ ᠲᠡᠭᠡᠭᠡᠳ ᠳᠥᠷᠪᠡᠨ ᠬᠦᠦ ᠨᠢ ᠰᠠᠢᠬᠠᠨ ᠨᠤᠲᠤᠭ ᠡᠷᠢᠬᠦ ᠪᠡᠷ ᠶᠠᠪᠤᠵᠠᠭᠠᠵᠠᠢ᠃ ᠲᠠᠪᠤᠨ ᠡᠳᠦᠷ ᠦ᠋ᠨ ᠳᠠᠷᠠᠭ᠎ᠠ ᠨᠢᠭᠡ ᠬᠦᠦ ᠨᠢ ᠬᠠᠷᠢᠵᠤ ᠢᠷᠡᠭᠡᠳ᠄《ᠪᠢ ᠲᠠᠪᠤᠨ ᠡᠳᠦᠷ ᠶᠠᠪᠤᠭᠠᠳ ᠶᠡᠬᠡ ᠡᠯᠡᠰᠦ ᠡᠴᠡ ᠥᠭᠡᠷ᠎ᠡ ᠶᠠᠭᠤ ᠴᠤ᠌ ᠣᠯᠵᠤ ᠬᠠᠷᠠᠭᠰᠠᠨ ᠦᠭᠡᠢ᠂ ᠲᠡᠢᠮᠦ ᠰᠠᠢᠬᠠᠨ ᠭᠠᠵᠠᠷ ᠪᠠᠢᠬᠤ ᠦᠭᠡᠢ》 ᠭᠡᠵᠡᠢ᠃ ᠨᠠᠢ᠍ᠮᠠᠨ ᠡᠳᠦᠷ ᠦ᠋ᠨ ᠳᠠᠷᠠᠭ᠎ᠠ ᠪᠠᠰᠠ ᠨᠢᠭᠡ ᠬᠦᠦ ᠨᠢ ᠬᠠᠷᠢᠵᠤ ᠢᠷᠡᠭᠡᠳ᠄《ᠪᠢ ᠨᠠᠢ᠍ᠮᠠᠨ ᠡᠳᠦᠷ ᠶᠠᠪᠤᠵᠤ ᠨᠢᠭᠡ ᠶᠡᠬᠡ ᠨᠠᠮᠤᠭ ᠭᠠᠵᠠᠷ ᠳᠠᠭᠠᠷᠢᠯᠳᠤᠭᠰᠠᠨ᠂ ᠬᠣᠲᠠ ᠪᠠᠢᠭᠤᠯᠵᠤ ᠪᠣᠯᠬᠤ ᠦᠭᠡᠢ》 ᠭᠡᠵᠦ ᠬᠠᠷᠢᠭᠤ ᠮᠡᠳᠡᠭᠦᠯᠵᠡᠢ᠃ ᠠᠷᠪᠠᠨ ᠡᠳᠦᠷ ᠦ᠋ᠨ ᠳᠠᠷᠠᠭ᠎ᠠ ᠪᠠᠰᠠ ᠨᠢᠭᠡ ᠬᠦᠦ ᠨᠢ ᠬᠠᠷᠢᠵᠤ ᠢᠷᠡᠭᠡᠳ᠄《ᠪᠢ ᠠᠷᠪᠠ ᠬᠣᠨᠣᠭ ᠤ᠋ᠨ ᠲᠤᠷᠰᠢ ᠶᠠᠪᠤᠵᠤ ᠨᠢᠭᠡ ᠶᠡᠬᠡ ᠭᠣᠣᠯ ᠳᠠᠭᠠᠷᠢᠯᠳᠤᠭᠰᠠᠨ᠂ ᠣᠯᠠᠨ ᠬᠥᠮᠦᠨ ᠡᠴᠡ ᠠᠰᠠᠭᠤᠭᠰᠠᠨ ᠳ᠋ᠤ᠌ ᠲᠡᠷᠡ ᠭᠣᠣᠯ ᠢ᠋ ᠭᠠᠷᠴᠤ ᠴᠢᠳᠠᠬᠤ ᠦᠭᠡᠢ ᠭᠡᠵᠦ ᠪᠠᠢᠨ᠎ᠠ》 ᠭᠡᠵᠦ ᠬᠡᠯᠡᠭᠰᠡᠨ ᠭᠡᠨ᠎ᠡ᠃ ᠬᠠᠭᠠᠰ ᠰᠠᠷ᠎ᠠ ᠶ᠋ᠢᠨ ᠳᠠᠷᠠᠭ᠎ᠠ ᠳᠥᠷᠪᠡᠳᠡᠬᠢ ᠬᠦᠦ ᠨᠢ ᠪᠠᠶᠠᠷᠲᠠᠢᠬᠠᠨ ᠪᠤᠴᠠᠵᠤ ᠢᠷᠡᠭᠡᠳ᠄《ᠠᠪᠤ ᠠ᠋᠂ ᠪᠢ ᠲᠠᠨ ᠤ᠋ ᠬᠡᠯᠡᠭᠰᠡᠨ ᠲᠡᠷᠡ ᠰᠠᠢᠬᠠᠨ ᠭᠠᠵᠠᠷ ᠢ᠋ ᠣᠯᠵᠤ ᠠᠪᠤᠭᠰᠠᠨ᠂ ᠡᠨᠳᠡ ᠡᠴᠡ ᠬᠠᠭᠠᠰ ᠰᠠᠷ᠎ᠠ ᠶ᠋ᠢᠨ ᠵᠠᠢ ᠲᠠᠢ ᠭᠠᠵᠠᠷ ᠲᠤ ᠪᠠᠢᠨ᠎ᠠ》 ᠭᠡᠵᠡᠢ᠃ ᠲᠡᠭᠡᠬᠦ ᠳ᠋ᠦ᠍ ᠬᠠᠭᠠᠨ ᠳᠥᠷᠪᠡᠨ ᠬᠦᠦ ᠳ᠋ᠡᠭᠡᠨ᠄《ᠦᠨᠡᠨ ᠳ᠋ᠡᠭᠡᠨ ᠲᠡᠷᠡ ᠭᠠᠵᠠᠷ ᠲᠤ ᠪᠢ ᠠᠯᠢ ᠡᠷᠲᠡ ᠣᠴᠢᠵᠤ ᠦᠵᠡᠭᠰᠡᠨ ᠶᠦᠮ᠃ ᠲᠠᠨᠠᠷ ᠲᠤ ᠢᠩᠭᠢᠵᠦ ᠲᠡᠩᠰᠡᠵᠦ ᠦᠵᠡᠭᠰᠡᠨ ᠦ᠌ ᠤᠴᠢᠷ ᠪᠣᠯ ᠨᠢᠭᠡ ᠶᠣᠰᠣ ᠶ᠋ᠢ ᠲᠠᠨᠠᠷ ᠲᠤ ᠮᠡᠳᠡᠭᠦᠯᠬᠦ ᠭᠡᠰᠡᠨ ᠶᠦᠮ᠃ ᠨᠢᠭᠡ ᠬᠥᠮᠦᠨ ᠬᠡᠷᠪᠡ ᠥᠪᠡᠷ ᠦ᠋ᠨ ᠰᠠᠨᠠᠭᠰᠠᠨ ᠵᠦᠢᠯ ᠢ᠋ᠶ᠋ᠡᠨ ᠪᠡᠶᠡᠯᠡᠭᠦᠯᠦᠶ᠎ᠡ ᠭᠡᠪᠡᠯ ᠲᠡᠷᠡ ᠵᠦᠭ ᠲᠡᠭᠡᠨ ᠲᠠᠰᠤᠷᠠᠯᠲᠠ ᠦᠭᠡᠢ ᠴᠢᠷᠮᠠᠢᠬᠤ ᠬᠡᠷᠡᠭᠲᠡᠢ᠃ ᠬᠠᠷᠢᠨ ᠨᠢᠳᠦᠨ ᠡᠮᠦᠨᠡᠬᠢ ᠬᠦᠴᠢᠷ ᠪᠡᠷᠬᠡ ᠪᠤᠶᠤ ᠬᠡᠷᠡᠭ ᠤᠴᠢᠷ ᠠ᠋ᠴᠠ ᠴᠢᠨᠦ ᠬᠦᠰᠡᠯ ᠮᠥᠷᠥᠭᠡᠳᠦᠯ ᠪᠣᠯ ᠪᠡᠶᠡᠯᠡᠭᠳᠡᠵᠦ ᠴᠢᠳᠠᠰᠢ ᠦᠭᠡᠢ ᠭᠡᠵᠦ ᠳᠤᠲᠠᠭᠤ ᠳᠣᠷᠭᠣᠨ ᠬᠠᠶᠠᠪᠠᠯ ᠬᠣᠵᠢᠮ ᠶᠡᠬᠡ ᠦᠢᠯᠡ ᠶ᠋ᠢ ᠪᠦᠲᠦᠭᠡᠵᠦ ᠴᠢᠳᠠᠬᠤ ᠦᠭᠡᠢ ᠶᠦᠮ》 ᠭᠡᠵᠦ ᠬᠡᠯᠡᠵᠡᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ