ᠨᠢᠭᠡᠨ ᠡᠮᠡᠭᠡᠨ ᠁ - ᠪᠠᠪᠤᠤ ᠶ᠋ᠢᠨ ᡀᠬᠠᠪᠠᠰᠥ᠋ᠷᠦᠩ Нэгэн эмгэн ᠁ – Бавуугийн Лхагвасүрэн
ᠨᠢᠭᠡᠨ ᠡᠮᠡᠭᠡᠨ᠁
ᠨᠠᠷᠠᠨ ᠤ᠋ ᠭᠡᠷᠡᠯ ᠢ᠋ᠶ᠋ᠡᠷ ᠨᠢᠭᠡᠨ ᠡᠮᠡᠭᠡᠨ ᠪᠡᠶ᠎ᠡ ᠪᠡᠨ ᠠᠷᠭᠠᠮᠵᠢᠨ
ᠨᠠᠮᠤᠭᠤᠬᠠᠨ ᠣᠷᠴᠢᠨ ᠤ᠋ ᠰᠠᠨᠳᠠᠯᠢ ᠪᠠᠷᠠᠳᠠᠨ
ᠥᠩᠬᠥᠷᠢᠭᠰᠡᠨ ᠳᠥᠭᠥᠳᠡᠭ ᠲᠡᠢ ᠪᠡᠨ ᠮᠥᠯᠬᠥᠵᠦ ᠬᠥᠭᠡᠭᠡᠴᠡᠯᠳᠦᠨ
ᠡᠳᠦᠷᠵᠢᠨ ᠶᠠᠭᠤ ᠴᠤ᠌ ᠶᠤᠮ᠁ ᠨᠡᠬᠡᠵᠦ ᠰᠠᠭᠤᠨ᠎ᠠ᠃
ᠵᠦᠭ ᠴᠢᠭ ᠦᠭᠡᠢ ᠨᠡᠭᠦᠳᠡᠯ ᠳ᠋ᠦ᠍ ᠵᠡᠬᠡᠭᠰᠡᠨ ᠶᠦᠮ ᠰᠢᠭ
ᠵᠦᠳᠡᠭᠦᠦ ᠪᠡᠶ᠎ᠡ ᠪᠡᠨ ᠡᠪᠬᠡᠵᠦ ᠰᠠᠭᠤᠭᠰᠠᠨ ᠡᠮᠡᠭᠡᠨ ᠦ᠌ ᠪᠠᠷᠢᠭᠰᠠᠨ
ᠤᠷᠲᠤ ᠵᠡᠭᠦᠦ ᠨᠦ᠍ᠭᠦᠳ ᠡᠪᠦᠷ ᠳᠡᠭᠡᠷ᠎ᠡ ᠨᠢ ᠰᠣᠯᠪᠢᠨ ᠭᠢᠯᠠᠯᠵᠠᠵᠤ
ᠤᠳᠤᠷᠢᠳᠬᠠᠯ᠂ ᠲᠡᠭᠦᠰᠬᠡᠯ ᠦ᠋ᠨ ᠢᠯᠳᠦ ᠮᠡᠲᠦ ᠴᠠᠪᠴᠢᠯᠳᠤᠨᠠ᠃
ᠣᠢᠵᠤ ᠪᠠᠭᠤᠭᠰᠠᠨ ᠬᠡᠦᠬᠡᠳ ᠨᠠᠰᠤ ᠪᠠᠷ ᠢ᠋ᠶ᠋ᠠᠨ
ᠣᠢᠮᠣᠰᠤ ᠨᠡᠬᠡᠳᠡᠭ ᠪᠠᠢᠵᠤ ᠮᠡᠳᠡᠨ᠎ᠡ
ᠣᠪᠯᠢᠭᠠ ᠦᠭᠡᠢ ᠶ᠋ᠢᠨ ᠰᠠᠯᠬᠢ ᠲᠠᠢ ᠵᠠᠯᠠᠭᠤ ᠨᠠᠰᠤ ᠪᠠᠷ ᠢ᠋ᠶ᠋ᠠᠨ
ᠣᠷᠢᠶᠠᠯᠲᠠ ᠨᠡᠬᠡᠳᠡᠭ ᠪᠠᠢᠵᠤ ᠮᠡᠳᠡᠨ᠎ᠡ᠃
ᠠᠯᠳᠠᠵᠤ ᠶᠠᠪᠤᠭᠰᠠᠨ ᠠᠯᠳᠠᠭ᠎ᠠ ᠪᠠᠨ ᠪᠣᠭᠣᠵᠤ
ᠠᠯᠴᠢᠭᠤᠷ ᠨᠡᠬᠡᠳᠡᠭ ᠪᠠᠢᠵᠤ ᠮᠡᠳᠡᠨ᠎ᠡ᠃
᠁ ᠡᠮ᠎ᠡ ᠬᠥᠮᠦᠨ ᠤᠷᠤᠭᠤᠯ ᠠ᠋ᠴᠠ ᠪᠠᠨ ᠡᠬᠢᠯᠡᠵᠦ ᠲᠡᠨᠡᠭᠯᠡᠳᠡᠭ᠁ ᠭᠡᠰᠡᠨ ᠦᠭᠡ ᠪᠡᠷ
ᠡᠨᠳᠡ ᠲᠡᠨᠳᠡ ᠨᠢ ᠬᠡ ᠨᠡᠬᠡᠳᠡᠭ ᠪᠠᠢᠵᠤ ᠮᠡᠳᠡᠨ᠎ᠡ᠃
ᠲᠡᠷᠡ ᠲᠠᠩᠳᠠ ᠶᠠᠭᠤᠮ᠎ᠠ ᠨᠡᠬᠡᠵᠦ ᠰᠠᠭᠤᠨ᠎ᠠ᠃
ᠲᠡᠬᠡᠭᠦᠨ ᠣᠷᠴᠢᠯᠠᠩ ᠠ᠋ᠴᠠ ᠦᠬᠦᠯ《ᠨᠡᠬᠡᠵᠦ》 ᠰᠠᠭᠤᠨ᠎ᠠ᠃
2010 ᠣᠨ
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
