ᠴᠠᠭ ᠴᠠᠭ ᠊ᠤᠨ ᠠᠶᠠᠰ -ᠰᠠᠬᠢᠶ᠎ᠠДуучин Сахиа - Цаг цагийн аяс ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠴᠠᠭ ᠊ᠤᠨ ᠠᠶᠠᠰ -ᠰᠠᠬᠢᠶ᠎ᠠДуучин Сахиа - Цаг цагийн аяс

ᠴᠠᠭ ᠴᠠᠭ ᠊ᠤᠨ ᠠᠶᠠᠰ -ᠰᠠᠬᠢᠶ᠎ᠠДуучин Сахиа - Цаг цагийн аяс

ᠠᠩᠭᠢᠯᠠᠯ:ᠳᠠᠭᠤᠤ ᠬᠥᠭᠵᠢᠮ
2025-03-30

660

ᠴᠠᠭ ᠴᠠᠭ ᠊ᠤᠨ ᠠᠶᠠᠰ

  ᠦᠭᠡ᠄ ᠤᠷᠲᠤᠨᠠᠰᠤᠨ 
  ᠠᠶ᠎ᠠ᠄ ᠪᠦᠬᠡᠬᠤᠶᠠᠭ 
  ᠳᠠᠭᠤᠴᠢᠨ᠄ ᠨᠠᠷᠠᠮᠠᠨᠳᠤᠬᠤ ᠶ᠋ᠢᠨ ᠰᠠᠬᠢᠶ᠎ᠠ 

ᠴᠠᠭ ᠤ᠋ᠨ ᠰᠠᠢᠬᠠᠨ ᠬᠦᠷᠦᠭᠡᠳ ᠢᠷᠡᠬᠦᠯᠡᠷ 
ᠴᠠᠰᠤ ᠲᠠᠢ ᠠᠭᠤᠯᠠ ᠨᠢ ᠮᠡᠯᠮᠡᠷᠡᠭᠡᠳ ᠪᠠᠢᠬᠤ ᠶᠤᠮ   
ᠴᠡᠯ ᠪᠤᠭᠤᠷᠤᠯ ᠠᠪᠤ ᠶ᠋ᠢ ᠪᠡᠨ ᠰᠠᠨᠠᠬᠤᠯᠠᠷ
ᠴᠠᠭᠠᠨ᠎ᠠ ᠪᠠᠨ ᠵᠢᠷᠦᠬᠡ ᠮᠢᠨᠢ ᠥᠷᠥᠪᠳᠦᠭᠡᠳ ᠪᠠᠢᠬᠤ ᠶᠤᠮ 
ᠴᠡᠯ ᠪᠤᠭᠤᠷᠤᠯ ᠠᠪᠤ ᠶ᠋ᠢ ᠪᠡᠨ ᠰᠠᠨᠠᠬᠤᠯᠠᠷ 
ᠴᠠᠭᠠᠨ᠎ᠠ ᠪᠠᠨ ᠵᠢᠷᠦᠬᠡ ᠮᠢᠨᠢ ᠥᠷᠥᠪᠳᠦᠭᠡᠳ ᠪᠠᠢᠬᠤ ᠶᠤᠮ 

ᠤᠯᠠᠷᠢᠯ ᠤ᠋ᠨ ᠰᠠᠢᠬᠠᠨ ᠬᠦᠷᠦᠭᠡᠳ ᠢᠷᠡᠬᠦᠯᠡᠷ 
ᠠᠭᠤᠯᠠ ᠶ᠋ᠢᠨ ᠴᠠᠰᠤ ᠨᠢ ᠤᠶᠠᠰᠤᠭᠠᠳ ᠪᠠᠢᠬᠤ ᠶᠤᠮ
ᠤᠶᠠᠬᠠᠨ ᠪᠤᠭᠤᠷᠤᠯ ᠡᠵᠢ ᠶ᠋ᠢ ᠪᠡᠨ ᠰᠠᠨᠠᠬᠤᠯᠠᠷ
ᠤᠶᠠᠷᠠᠬᠤ ᠨᠢᠯᠪᠤᠰᠤ ᠮᠢᠨᠢ ᠨᠡᠮᠡᠭᠳᠡᠭᠡᠳ ᠪᠠᠢᠬᠤ ᠶᠤᠮ
ᠤᠶᠠᠬᠠᠨ ᠪᠤᠭᠤᠷᠤᠯ ᠡᠵᠢ ᠶ᠋ᠢ ᠪᠡᠨ ᠰᠠᠨᠠᠬᠤᠯᠠᠷ
ᠤᠶᠠᠷᠠᠬᠤ ᠨᠢᠯᠪᠤᠰᠤ ᠮᠢᠨᠢ ᠨᠡᠮᠡᠭᠳᠡᠭᠡᠳ ᠪᠠᠢᠬᠤ ᠶᠤᠮ
ᠤᠶᠠᠬᠠᠨ ᠪᠤᠭᠤᠷᠤᠯ ᠡᠵᠢ ᠶ᠋ᠢ ᠪᠡᠨ ᠰᠠᠨᠠᠬᠤᠯᠠᠷ
ᠤᠶᠠᠷᠠᠬᠤ ᠨᠢᠯᠪᠤᠰᠤ ᠮᠢᠨᠢ ᠨᠡᠮᠡᠭᠳᠡᠭᠡᠳ ᠪᠠᠢᠬᠤ ᠶᠤᠮ

ᠬᠠᠪᠤᠷ ᠤ᠋ᠨ ᠰᠢᠪᠠᠭᠤᠳ ᠬᠦᠷᠦᠭᠡᠳ ᠢᠷᠡᠬᠦᠯᠡᠷ
ᠬᠠᠢᠷᠬᠠᠨ ᠠᠭᠤᠯᠠᠰ ᠨᠢ ᠥᠨᠳᠡᠯᠵᠡᠭᠡᠳ ᠪᠠᠢᠬᠤ ᠶᠤᠮ
ᠬᠠᠢᠷᠠᠲᠠᠢ ᠪᠤᠭᠤᠷᠤᠯ ᠤ᠋ᠨ ᠨᠤᠲᠤᠭ ᠢ᠋ᠶ᠋ᠠᠨ ᠰᠠᠨᠠᠬᠤᠯᠠᠷ
ᠬᠠᠯᠠᠭᠤᠨ ᠰᠡᠳᠬᠢᠯ ᠳ᠋ᠦ᠍ ᠪᠡᠨ ᠳᠠᠭᠤᠯᠠᠮᠠᠷ ᠪᠠᠢᠬᠤ ᠶᠤᠮ
ᠬᠠᠢᠷᠠᠲᠠᠢ ᠪᠤᠭᠤᠷᠤᠯ ᠤ᠋ᠨ ᠨᠤᠲᠤᠭ ᠢ᠋ᠶ᠋ᠠᠨ ᠰᠠᠨᠠᠬᠤᠯᠠᠷ
ᠬᠠᠯᠠᠭᠤᠨ ᠰᠡᠳᠬᠢᠯ ᠳ᠋ᠦ᠍ ᠪᠡᠨ ᠳᠠᠭᠤᠯᠠᠮᠠᠷ ᠪᠠᠢᠬᠤ ᠶᠤᠮ
ᠴᠡᠯ ᠪᠤᠭᠤᠷᠤᠯ ᠠᠪᠤ ᠶ᠋ᠢ ᠪᠡᠨ ᠰᠠᠨᠠᠬᠤᠯᠠᠷ
ᠴᠠᠭᠠᠨ᠎ᠠ ᠪᠠᠨ ᠵᠢᠷᠦᠬᠡ ᠮᠢᠨᠢ ᠥᠷᠥᠪᠳᠦᠭᠡᠳ ᠪᠠᠢᠬᠤ ᠶᠤᠮ
ᠤᠶᠠᠬᠠᠨ ᠪᠤᠭᠤᠷᠤᠯ ᠡᠵᠢ ᠶ᠋ᠢ ᠪᠡᠨ ᠰᠠᠨᠠᠬᠤᠯᠠᠷ 
ᠤᠶᠠᠷᠠᠬᠤ ᠨᠢᠯᠪᠤᠰᠤ ᠮᠢᠨᠢ ᠨᠡᠮᠡᠭᠳᠡᠭᠡᠳ ᠪᠠᠢᠬᠤ ᠶᠤᠮ 
ᠬᠠᠯᠠᠭᠤᠨ ᠰᠡᠳᠬᠢᠯ ᠳ᠋ᠦ᠍ ᠪᠡᠨ ᠳᠠᠭᠤᠯᠠᠮᠠᠷ ᠪᠠᠢᠬᠤ ᠶᠤᠮ

   ᠦᠰᠦᠭ ᠠᠮᠢᠯᠠᠭᠤᠯᠤᠭᠴᠢ᠄ ᠤᠯᠠᠭᠠᠨ
   ᠦᠰᠦᠭ ᠬᠠᠲᠠᠭᠴᠢ᠄ ᠤᠯᠠᠭᠠᠨ
   ᠬᠢᠨᠠᠭᠴᠢ᠄ ᠪᠤᠤ᠂ ᠰᠠᠷᠠᠨ᠎ᠠ