ᠴᠢᠩᠭᠢᠰ ᠦᠨ ᠬᠦᠯᠦᠭ ᠪᠠᠭᠠᠲᠤᠷ ᠴᠢᠯᠠᠭᠤᠨЧингисийн хүлэг баатар Чулуун
ᠴᠢᠯᠠᠭᠤᠨ ᠪᠣᠯ ᠴᠢᠩᠭᠢᠰ ᠬᠠᠭᠠᠨ ᠤ᠋ ᠳᠥᠷᠪᠡᠨ ᠬᠦᠯᠦᠭ ᠦ᠋ᠨ ᠨᠢᠭᠡ ᠨᠢ ᠪᠣᠯᠤᠨ᠎ᠠ᠃ ᠠᠮᠢᠳᠤᠷᠠᠵᠤ ᠪᠠᠢᠭᠰᠠᠨ ᠣᠨ ᠵᠢᠯ ᠦ᠋ᠨ ᠲᠤᠬᠠᠢ ᠲᠣᠳᠣᠷᠬᠠᠢ ᠲᠡᠮᠳᠡᠭᠯᠡᠯ ᠦᠭᠡᠢ᠃ ᠲᠠᠢᠴᠢᠭᠤᠳ ᠠᠢᠮᠠᠭ ᠤ᠋ᠨ ᠰᠦᠯᠳᠤᠰᠤᠨ ᠣᠪᠣᠭ ᠤ᠋ᠨ ᠰᠤᠷᠬᠠᠨ ᠰᠢᠷ᠎ᠠ ᠶ᠋ᠢᠨ ᠬᠥᠪᠡᠭᠦᠨ᠃ ᠡᠷᠡᠯᠬᠡᠭ ᠪᠠᠭᠠᠲᠤᠷᠯᠢᠭ ᠭᠠᠷᠮᠠᠭᠠᠢ ᠪᠠᠢᠯᠳᠤᠭᠴᠢ ᠴᠣᠯᠠ ᠲᠠᠢ᠃ 1177 ᠣᠨ ᠳ᠋ᠤ᠌ ᠲᠡᠮᠦᠵᠢᠨ ᠲᠠᠢᠴᠢᠭᠤᠳ ᠠᠢᠮᠠᠭ ᠲᠤ᠌ ᠪᠠᠷᠢᠭᠳᠠᠵᠤ᠂ ᠠᠮᠢ ᠨᠠᠰᠤᠨ ᠳ᠋ᠤᠨᠢ ᠠᠶᠤᠯ ᠤᠴᠠᠷᠠᠭᠰᠠᠨ ᠵᠠᠩᠭᠢᠯᠠᠭ᠎ᠠ ᠶ᠋ᠢᠨ ᠦᠶ᠎ᠡ ᠳ᠋ᠦ᠍᠂ ᠴᠢᠯᠠᠭᠤᠨ ᠡᠴᠢᠭᠡ ᠰᠤᠷᠬᠠᠨ ᠰᠢᠷ᠎ᠠ᠂ ᠠᠬ᠎ᠠ ᠴᠢᠮᠪᠠᠢ ᠲᠠᠢ ᠪᠠᠨ ᠲᠡᠮᠦᠵᠢᠨ ᠢ᠋ ᠭᠡᠷ ᠲᠡᠭᠡᠨ ᠨᠢᠭᠤᠨ ᠳᠠᠯᠳᠠᠯᠠᠵᠤ ᠠᠮᠢ ᠶ᠋ᠢ ᠨᠢ ᠠᠪᠤᠷᠠᠵᠠᠢ᠃ ᠰᠡᠭᠦᠯᠡᠷ ᠴᠢᠯᠠᠭᠤᠨ ᠡᠴᠢᠭᠡ ᠪᠣᠯᠤᠨ ᠠᠬ᠎ᠠ ᠲᠠᠢ ᠪᠠᠨ ᠴᠢᠩᠭᠢᠰ ᠬᠠᠭᠠᠨ ᠳ᠋ᠤ᠌ ᠨᠡᠢᠯᠡᠵᠦ᠂ ᠪᠣᠭᠣᠷᠴᠤ ᠨᠠᠷ ᠲᠠᠢ ᠬᠠᠮᠲᠤ ᠨᠠᠢ᠍ᠮᠠᠨ ᠠᠢᠮᠠᠭ ᠢ᠋ ᠴᠣᠬᠢᠵᠤ ᠢᠯᠠᠭᠰᠠᠨ ᠪᠠᠢᠨ᠎ᠠ᠃ 1206 ᠣᠨ ᠳ᠋ᠤ᠌ ᠬᠠᠭᠠᠨᠲᠤ ᠮᠣᠩᠭᠣᠯ ᠤᠯᠤᠰ ᠢ᠋ ᠪᠠᠢᠭᠤᠯᠤᠭᠠᠳ ᠴᠢᠩᠭᠢᠰ ᠬᠠᠭᠠᠨ ᠠ᠋ᠴᠠ ᠴᠢᠯᠠᠭᠤᠨ ᠢ᠋ ᠡᠴᠢᠭᠡ ᠰᠤᠷᠬᠠᠨ ᠰᠢᠷ᠎ᠠ ᠲᠠᠢ ᠨᠢ ᠬᠠᠮᠲᠤ ᠨᠢᠭᠡ ᠮᠢᠩᠭᠠᠨ ᠢ᠋ ᠵᠠᠬᠢᠷᠤᠭᠤᠯᠵᠠᠢ᠃ ᠪᠠᠰᠠ ᠤᠷᠤᠭ ᠤ᠋ᠨ ᠤᠷᠤᠭ ᠬᠦᠷᠲᠡᠯ᠎ᠡ ᠬᠡᠰᠢᠭᠲᠡᠨ ᠨᠣᠶᠠᠨ ᠢ᠋ᠶ᠋ᠠᠷ ᠲᠣᠮᠢᠯᠠᠭᠳᠠᠵᠠᠢ᠃ ᠮᠥᠨ ᠪᠠᠰᠠ ᠦᠶ᠎ᠡ ᠶ᠋ᠢᠨ ᠦᠶ᠎ᠡ 《ᠳᠠᠷᠬᠠᠨ》 ᠴᠣᠯᠠ ᠵᠠᠯᠭᠠᠮᠵᠢᠯᠠᠭᠤᠯᠬᠤ ᠪᠠᠷ ᠪᠣᠯᠵᠠᠢ᠃ ᠲᠡᠳᠡᠨ ᠦ᠌ ᠡᠵᠡᠮᠰᠢᠯ ᠨᠤᠲᠤᠭ ᠨᠢ ᠰᠡᠯᠡᠩᠭᠡ ᠮᠥᠷᠡᠨ ᠦ᠌ ᠣᠢᠷ᠎ᠠ ᠬᠠᠪᠢ ᠶ᠋ᠢᠨ ᠨᠤᠲᠤᠭ ᠪᠡᠯᠴᠢᠭᠡᠷ ᠪᠣᠯᠤᠨ᠎ᠠ᠃
