ᠰᠤᠷᠭᠠᠭᠤᠯᠢ ᠮᠢᠨᠢ -ᠠᠮᠢᠨ᠎ᠠ Сургуули минь-АминаSurguuli mini-Amina
ᠰᠤᠷᠭᠠᠭᠤᠯᠢ ᠮᠢᠨᠢ
ᠦᠭᠡ ᠠᠶ᠎ᠠ᠄ ᠤᠯᠠᠭᠠᠨᠪᠠᠭᠠᠲᠤᠷ
ᠳᠠᠭᠤᠴᠢᠨ᠄ ᠠᠮᠢᠨ᠎ᠠ
ᠠᠯᠬᠤᠵᠤ ᠣᠷᠣᠭᠰᠠᠨ ᠠᠯᠳᠠᠩᠬᠠᠨ ᠪᠣᠱᠣᠭ᠎ᠠ
ᠠᠩᠭᠢ ᠶ᠋ᠢᠨ ᠭᠡᠷ ᠬᠢᠴᠢᠶᠡᠯ ᠦ᠋ᠨ ᠲᠢᠩᠬᠢᠮ
ᠠᠴᠢᠲᠤ ᠪᠠᠭᠰᠢ ᠨᠠᠷ ᠠᠯᠢᠶᠠᠬᠠᠨ ᠨᠥᠬᠥᠳ
ᠠᠷᠢᠭᠤᠨ ᠰᠣᠶᠣᠯ ᠤ᠋ᠨ ᠤᠤᠭᠠᠨ ᠪᠠᠭᠤᠴᠠ
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠡᠷᠳᠡᠮ ᠦ᠋ᠨ ᠰᠢᠮ᠎ᠡ ᠶ᠋ᠢ ᠠᠮᠢᠯᠠᠭᠤᠯᠤᠭᠰᠠᠨ ᠥᠯᠥᠭᠡᠢ ᠶᠦ᠍ᠮ ᠠ᠋
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠡᠭᠡᠨᠢᠭᠳᠡ ᠬᠣᠷᠣᠭᠳᠠᠬᠤ ᠰᠡᠳᠬᠢᠯ ᠦ᠋ᠨ ᠤᠶᠠᠭ᠎ᠠ ᠶᠤᠮ ᠠ᠋
ᠲᠣᠭᠯᠠᠵᠤ ᠨᠠᠭᠠᠳᠤᠭᠰᠠᠨ ᠨᠣᠭᠣᠭᠠᠨ ᠵᠦᠯᠭᠡ
ᠲᠣᠭᠣᠷᠢᠵᠤ ᠤᠷᠤᠯᠳᠤᠭᠰᠠᠨ ᠠᠯᠠᠭ ᠲᠠᠯᠠᠪᠤᠷ
ᠲᠣᠬᠢᠯᠠᠭ ᠬᠡᠭᠡᠨᠴᠢᠷ ᠣᠷᠴᠢᠨ ᠠᠬᠤᠢ
ᠲᠣᠮᠣᠭ᠎ᠠ ᠦᠭᠡᠢ ᠨᠠᠰᠤᠨ ᠤ᠋ ᠤᠨᠠᠭᠠᠨ ᠠ᠋ ᠳᠠᠪᠵᠠᠶᠠ
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠢᠷᠭᠤᠢ ᠨᠢᠳᠦᠯᠡᠨ ᠳᠡᠯᠭᠡᠷᠡᠬᠦ ᠬᠠᠪᠤᠷ ᠶᠤᠮ ᠠ᠋
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠢᠮᠠᠭᠲᠠ ᠰᠠᠨᠠᠭᠳᠠᠨ ᠬᠣᠩᠭᠣᠷᠳᠤᠬᠤ ᠨᠠᠮᠤᠷ ᠶᠤᠮ ᠠ᠋
ᠴᠢᠬᠢᠨ ᠳ᠋ᠦ᠍ ᠬᠠᠳᠠᠩᠰᠢᠭᠰᠠᠨ ᠬᠣᠩᠬᠣᠨ ᠤ᠋ ᠳᠠᠭᠤᠨ
ᠴᠡᠭᠡᠵᠢᠨ ᠳ᠋ᠦ᠍ ᠬᠣᠨᠣᠭᠰᠢᠬᠰᠠᠨ ᠢᠷᠠᠭᠤ ᠡᠬᠡᠰᠢᠭ
ᠴᠡᠩᠭᠡᠯ ᠪᠠᠶᠠᠷ ᠲᠠᠢ ᠨᠠᠨᠳᠢᠨ ᠮᠥᠴᠡ ᠨᠤᠭᠦᠳ
ᠴᠢᠩ ᠵᠢᠷᠦᠬᠡᠨ ᠳ᠋ᠦ᠍ ᠦᠯᠡᠳᠡᠬᠦ ᠳᠤᠷᠠᠳᠬᠠᠯ
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠥᠷᠦᠮᠳᠦᠭᠡᠳ ᠬᠣᠴᠣᠷᠬᠤ ᠨᠠᠭᠤᠷ ᠨᠢ ᠲᠠ ᠶᠤᠮ ᠠ᠋
ᠡᠬᠡ ᠰᠤᠷᠭᠠᠭᠤᠯᠢ ᠮᠢᠨᠢ᠂ ᠡᠬᠡ ᠰᠤᠷᠭᠠᠭᠤᠯᠢ ᠮᠢᠨᠢ
ᠦᠳᠡᠯᠡᠭᠡᠳ ᠨᠢᠰᠦᠭᠰᠡᠨ ᠰᠢᠪᠠᠭᠤᠳ ᠨᠢ ᠪᠢᠳᠡ ᠨᠠᠷ ᠶᠤᠮ ᠠ᠋
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠪᠢᠴᠢᠯᠭᠡ ᠲᠢᠭᠯᠡᠭᠴᠢ᠄ ᠰᠣᠶᠣᠯᠠ
ᠦᠰᠦᠭ ᠬᠠᠲᠠᠭᠴᠢ᠄ ᠳᠡᠯᠭᠡᠷᠴᠡᠴᠡᠭ
ᠬᠢᠨᠠᠭᠴᠢ᠄ ᠨᠠᠷᠡᠨᠮᠠᠨᠳᠠ᠂ ᠳᠠᠰᠢᠨᠢᠮ᠎ᠠ᠂ ᠣᠳᠬᠣᠨᠴᠡᠴᠡᠭ
