ᠡᠪᠦᠭᠡᠷᠡᠬᠦ ᠭᠡᠵᠦ ᠪᠠᠰᠠ ᠰᠠᠢᠬᠠᠨ ᠶᠤᠮ ᠠ᠋ -ᠵᠠ᠊᠂ ᠪᠦᠷᠢᠨ Өвгөрөх гэж бас сайхан юм аа-Ж,Бүрэн
ᠡᠪᠦᠭᠡᠷᠡᠬᠦ ᠭᠡᠵᠦ ᠪᠠᠰᠠ ᠰᠠᠢᠬᠠᠨ ᠶᠤᠮ ᠠ᠋
ᠵᠠ᠊᠂ ᠪᠦᠷᠢᠨ
ᠥᠰᠪᠥᠷᠢ ᠬᠡᠦᠬᠡᠳ ᠦ᠋ᠳ ᠡᠪᠦᠭᠡ ᠭᠡᠵᠦ ᠬᠦᠨᠳᠦᠯᠡᠴᠢᠬᠡᠭᠰᠡᠨ
ᠥᠷᠥᠭᠡᠯ ᠦ᠋ᠨ ᠳᠤᠮᠳᠠ ᠦᠰᠦ ᠰᠠᠬᠠᠯ ᠢ᠋ᠶ᠋ᠠᠨ ᠰᠢᠪᠲᠤᠷᠠᠴᠢᠬᠠᠭᠰᠠᠨ
ᠦᠶ᠎ᠡ ᠶ᠋ᠢᠨ ᠬᠢᠨ ᠲᠡᠢ ᠪᠡᠨ ᠬᠡᠦᠬᠡᠳ ᠰᠢᠭ ᠨᠠᠷᠭᠢᠴᠢᠬᠠᠭᠰᠠᠨ
ᠥᠥᠬᠡ ᠲᠡᠦᠬᠡ ᠦᠯᠢᠭᠡᠷ ᠳᠣᠮᠣᠭ ᠭᠡᠳ ᠶᠠᠷᠢᠴᠢᠬᠠᠭᠰᠠᠨ
ᠡᠪᠦᠭᠡᠷᠡᠬᠦ ᠭᠡᠵᠦ ᠪᠠᠰᠠ ᠰᠠᠢᠬᠠᠨ ᠶᠤᠮᠰᠠᠨ
ᠰᠢᠷᠡᠭᠡᠨ ᠦ᠌ ᠬᠣᠢᠮᠣᠷ ᠬᠠᠶᠠ ᠪᠠᠰᠠ ᠵᠠᠯᠠᠭᠳᠠᠴᠢᠬᠠᠭᠰᠠᠨ
ᠰᠢᠭᠦᠰᠦ ᠢᠳᠡᠭᠡᠨ ᠶᠣᠰᠣ ᠵᠦᠢ ᠭᠡᠳ ᠭᠦᠨᠳᠡᠴᠢᠬᠡᠭᠰᠡᠨ
ᠰᠦᠮᠡᠲᠡᠢ ᠪᠣᠳᠠᠷ ᠤ᠋ᠨ ᠴᠢᠯᠠᠭᠤ ᠭᠡᠵᠦ ᠬᠡᠳᠦᠨ ᠪᠠᠳᠠᠭ ᠤᠶᠠᠩᠭᠠᠯᠠᠴᠢᠬᠠᠭᠰᠠᠨ
ᠰᠢᠮᠡᠨ ᠰᠢᠮᠡᠨ ᠰᠠᠷᠬᠤᠳ ᠪᠠᠯᠭᠤᠨ ᠠᠢᠷᠠᠭ ᠠᠮᠰᠠᠴᠢᠬᠠᠭᠰᠠᠨ
ᠰᠠᠮᠠᠭᠠᠨ ᠪᠤᠭᠤᠷᠤᠯ ᠪᠣᠯᠬᠤ ᠭᠡᠵᠦ ᠪᠠᠰᠠ ᠴᠤ᠌ ᠰᠠᠢᠬᠠᠨ ᠠ᠋
ᠥᠩᠭᠡᠯᠢᠭ ᠵᠠᠯᠠᠭᠤᠴᠤᠳ ᠢ᠋ ᠬᠠᠷᠠᠭᠠᠳ ᠪᠠᠰᠠ ᠱᠣᠬᠣᠭᠣᠷᠬᠠᠴᠢᠬᠠᠭᠰᠠᠨ
ᠦᠷᠴᠢᠯᠡᠭᠡᠰᠦ ᠲᠡᠢ ᠴᠢᠷᠠᠢ ᠳ᠋ᠤ᠌ ᠪᠠᠨ ᠴᠣᠭ ᠵᠣᠯᠢ ᠪᠠᠳᠠᠷᠠᠭᠠᠴᠢᠬᠠᠭᠰᠠᠨ
ᠦᠨᠦᠷᠲᠦ ᠤᠰᠤ ᠶ᠋ᠢ ᠪᠠᠰᠠ ᠪᠡᠶ᠎ᠡ ᠳ᠋ᠦ᠍ ᠪᠡᠨ ᠬᠠᠶᠠ ᠲᠦᠷᠬᠢᠴᠢᠬᠡᠭᠰᠡᠨ
ᠡᠪᠦᠭᠡ ᠨᠢ ᠪᠠᠰᠠ ᠵᠠᠯᠠᠭᠤ ᠳ᠋ᠤ᠌ ᠪᠠᠨ ᠭᠡᠵᠦ ᠣᠷᠬᠢᠴᠢᠬᠠᠭᠰᠠᠨ
ᠥᠲᠡᠯᠬᠦ ᠭᠡᠵᠦ ᠪᠠᠰᠠ ᠰᠠᠢᠬᠠᠨ ᠶᠤᠮ ᠳᠠ
ᠵᠠᠯᠠᠭᠤ ᠳ᠋ᠤ᠌ ᠪᠠᠨ ᠪᠠᠢᠭᠰᠠᠨ ᠪᠣᠯ ᠳᠠ ᠭᠡᠵᠦ
ᠵᠠᠭᠤᠢ ᠪᠠᠢᠭᠰᠠᠨ ᠶᠤᠮᠰᠢᠭ᠋ ᠣᠪᠯᠠᠴᠢᠬᠠᠭᠰᠠᠨ
ᠵᠠ ᠶᠠᠭᠠᠬᠢᠬᠤᠪ ᠭᠡᠵᠦ ᠵᠠᠯᠠᠭᠤᠴᠤᠳ ᠲᠠᠢ ᠱᠣᠭ ᠬᠢᠴᠢᠬᠡᠭᠰᠡᠨ
ᠵᠠᠢᠯᠠᠵᠤ ᠣᠴᠢᠭᠠᠳ ᠵᠤᠮᠠᠭ ᠵᠤᠮᠠᠭ ᠢᠨᠢᠶᠡᠴᠢᠬᠡᠭᠰᠡᠨ
ᠵᠠᠭᠠᠯ ᠪᠤᠭᠤᠷᠤᠯ ᠪᠣᠯᠬᠤ ᠭᠡᠵᠦ ᠪᠠᠰᠠ ᠴᠤ᠌ ᠰᠠᠢᠬᠠᠨ ᠠ᠋
ᠭᠠᠷ ᠤᠲᠠᠰᠤ ᠰᠦᠯᠵᠢᠶ᠎ᠡ ᠡᠨᠡ ᠲᠡᠷᠡ ᠭᠡᠵᠦ ᠦᠵᠡᠴᠢᠬᠡᠭᠰᠡᠨ
ᠭᠠᠳᠠᠭᠠᠳᠤ ᠳᠣᠲᠣᠭᠠᠳᠤ ᠶ᠋ᠢᠨ ᠰᠣᠨᠢᠨ ᠮᠡᠳᠡᠭᠡ ᠭᠡᠵᠦ ᠮᠡᠷᠭᠡᠯᠡᠴᠢᠬᠡᠭᠰᠡᠨ
ᠭᠠᠩᠷᠠᠢᠮᠠ ᠬᠠᠨᠳᠠᠷᠠᠮᠠ ᠶ᠋ᠢᠨ ᠸᠢᠴᠠᠲ ᠢ᠋ ᠨᠡᠮᠡᠭᠡᠳ ᠠᠪᠴᠢᠬᠠᠭᠰᠠᠨ
ᠭᠠᠢᠬᠠᠭᠤᠯᠵᠤ ᠪᠠᠰᠠ ᠳᠡᠷᠭᠡᠳᠡ ᠨᠢ ᠬᠡᠳᠦᠨ ᠵᠢᠷᠤᠭ ᠲᠠᠯᠪᠢᠴᠢᠬᠠᠭᠰᠠᠨ
ᠬᠢᠯᠠᠩ ᠪᠣᠯᠵᠤ ᠡᠪᠦᠭᠡᠷᠡᠬᠦ ᠭᠡᠵᠦ ᠪᠠᠰᠠ ᠴᠤ᠌ ᠰᠠᠢᠬᠠᠨ ᠠ᠋
ᠤᠬᠤᠷᠢᠵᠤ ᠰᠠᠭᠤᠭᠰᠠᠨ ᠬᠣᠷᠢᠨ ᠲᠠᠪᠤᠲᠤ ᠶ᠋ᠢ ᠱᠠᠭᠠᠷᠳᠠᠴᠢᠬᠠᠭᠰᠠᠨ
ᠤᠷᠤᠭᠰᠢᠯᠠᠵᠤ ᠵᠢᠳᠬᠦᠭᠰᠡᠨ ᠵᠢᠷᠠᠨ ᠲᠠᠪᠤᠲᠤ ᠶ᠋ᠢ ᠪᠠᠬᠠᠷᠬᠠᠴᠢᠬᠠᠭᠰᠠᠨ
ᠪᠢᠷᠠᠭᠤ ᠰᠢᠭᠦᠷᠡᠭᠰᠡᠨ ᠵᠠᠯᠠᠭᠤᠴᠤᠳ ᠲᠤ᠌ ᠲᠠᠰᠢᠭᠤᠷ ᠨᠡᠮᠡᠴᠢᠬᠡᠭᠰᠡᠨ
ᠪᠤᠬ᠎ᠠ ᠰᠡᠭᠦᠯᠳᠡᠵᠦ ᠰᠤᠷ ᠠ᠋ ᠭᠡᠵᠦ ᠰᠤᠷᠭᠠᠴᠢᠬᠠᠭᠰᠠᠨ
ᠪᠤᠭᠤᠷᠤᠯ ᠪᠣᠯᠵᠤ ᠡᠪᠦᠭᠡᠷᠡᠬᠦ ᠭᠡᠵᠦ ᠪᠠᠰᠠ ᠴᠤ᠌ ᠰᠠᠢᠬᠠᠨ ᠠ᠋
ᠬᠠᠮᠲᠤ ᠰᠤᠷᠤᠭᠴᠢᠳ ᠨᠠᠢᠵᠠ ᠨᠥᠬᠥᠳ ᠬᠠᠶᠠ ᠪᠠᠰᠠ ᠴᠤᠭᠯᠠᠴᠢᠬᠠᠭᠰᠠᠨ
ᠬᠣᠲᠠ ᠶ᠋ᠢᠨ ᠬᠥᠭᠵᠢᠯᠲᠡ ᠬᠥᠳᠡᠭᠡ ᠶ᠋ᠢᠨ ᠰᠠᠢᠬᠠᠨ ᠳ᠋ᠤ᠌ ᠵᠤᠭᠠᠴᠠᠴᠢᠬᠠᠭᠰᠠᠨ
ᠬᠣᠯᠪᠣᠭ᠎ᠠ ᠨᠡᠢᠭᠡᠮᠯᠢᠭ ᠲᠦ᠍ ᠣᠷᠣᠭᠠᠳ ᠬᠤᠭᠤᠷ ᠬᠥᠭᠵᠢᠮ ᠳᠠᠷᠤᠴᠢᠬᠠᠭᠰᠠᠨ
ᠬᠤᠯᠤᠤ ᠬᠤᠶᠠᠩ ᠢ᠋ᠶ᠋ᠠᠨ ᠲᠠᠷᠬᠠᠬᠤ ᠭᠡᠵᠦ ᠪᠥᠵᠢᠭ ᠲᠠᠮᠢᠷ ᠬᠢᠴᠢᠬᠡᠭᠰᠡᠨ
ᠬᠣᠷᠸ᠎ᠠ ᠶ᠋ᠢᠨ ᠵᠢᠮ᠎ᠡ ᠪᠡᠷ ᠥᠲᠡᠯᠬᠦ ᠭᠡᠵᠦ ᠪᠠᠰᠠ ᠴᠤ᠌ ᠰᠠᠢᠬᠠᠨ ᠠ᠋
ᠮᠡᠳᠡᠭᠰᠡᠨ ᠰᠤᠷᠤᠭᠰᠠᠨ ᠢ᠋ᠶ᠋ᠠᠷ ᠵᠠᠯᠠᠭᠤᠴᠤᠳ ᠠ᠋ᠴᠠ ᠪᠤᠤ ᠬᠣᠴᠣᠷᠤᠶᠠ ᠭᠡᠴᠢᠬᠡᠭᠰᠡᠨ
ᠮᠡᠷᠭᠡᠵᠢᠯ ᠰᠢᠨᠡᠴᠢᠯᠡᠯᠲᠡ ᠭᠡᠵᠦ ᠰᠣᠯᠢᠤ ᠣᠯᠢᠤ ᠬᠣᠯᠢᠭᠠᠳ ᠬᠡᠯᠡᠴᠢᠬᠡᠭᠰᠡᠨ
ᠮᠡᠷᠡᠢᠬᠦ ᠵᠣᠷᠢᠭ᠂ ᠬᠦᠰᠡᠯ ᠵᠡᠭᠦᠳᠦ ᠡᠨᠡ ᠲᠡᠷᠡ ᠭᠡᠳ ᠪᠠᠰᠠ ᠶᠠᠷᠢᠴᠢᠬᠠᠭᠰᠠᠨ
ᠮᠠᠨ ᠤ᠋ ᠲᠡᠷᠡ ᠦᠶ᠎ᠡ ᠶ᠋ᠢᠨ ᠬᠢᠨ ᠭᠡᠵᠦ ᠬᠡᠷᠰᠡᠦ ᠰᠠᠭᠤᠴᠢᠬᠠᠭᠰᠠᠨ
ᠮᠠᠶᠢᠭᠯᠠᠬᠤ ᠶᠤᠮ ᠰᠢᠭ᠋ ᠰᠠᠬᠠᠯ ᠰᠢᠪᠲᠤᠷᠠᠴᠤ ᠡᠪᠦᠭᠡᠷᠡᠬᠦ ᠪᠠᠰᠠ ᠰᠠᠢᠬᠠᠨ ᠠ᠋
ᠥᠷᠯᠥᠭᠡᠨ ᠦ᠌ ᠴᠠᠢ ᠪᠠᠨ ᠬᠤᠷᠤᠭᠤ ᠡᠯᠭᠦᠮᠡ ᠠᠭᠰᠢᠭᠤᠨ ᠴᠢᠨᠠᠴᠢᠬᠠᠭᠰᠠᠨ
ᠦᠯᠢᠭᠡᠷ ᠰᠣᠨᠣᠰᠤᠨ᠎ᠠ ᠭᠡᠵᠦ ᠷᠠᠳᠢᠣ᠋ ᠪᠠᠨ ᠪᠠᠰᠠ ᠲᠡᠪᠡᠷᠢᠴᠢᠬᠡᠭᠰᠡᠨ
ᠦᠷ ᠦ᠋ᠨ ᠵᠢᠪᠠᠷ᠂ ᠦᠢ ᠬᠡᠦ ᠰᠦᠢᠯᠢᠩ ᠭᠡᠳ ᠳᠠᠭᠤᠯᠠᠴᠢᠬᠠᠭᠰᠠᠨ
ᠥᠭᠡᠷ᠎ᠡ ᠬᠥᠮᠦᠨ ᠰᠣᠨᠣᠰᠴᠢᠬᠠᠪᠠ ᠤᠤ ᠭᠡᠳ ᠠᠮᠠ ᠪᠠᠨ ᠪᠠᠷᠢᠴᠢᠬᠠᠭᠰᠠᠨ
ᠥᠩ ᠶᠢᠷᠲᠢᠨᠴᠦ ᠶ᠋ᠢᠨ ᠵᠠᠩ ᠵᠢᠷᠤᠮ ᠢ᠋ᠶ᠋ᠠᠷ ᠡᠪᠦᠭᠡᠷᠡᠬᠦ ᠰᠠᠢᠬᠠᠨ ᠠ᠋
ᠨᠡᠢᠭᠡᠮ ᠵᠢᠷᠤᠮᠲᠤ ᠤᠯᠤᠰ ᠦᠨᠳᠦᠰᠦᠲᠡᠨ ᠢ᠋ᠶ᠋ᠡᠨ ᠮᠠᠭᠲᠠᠴᠢᠬᠠᠭᠰᠠᠨ
ᠨᠢᠭᠡ ᠯᠡ ᠵᠢᠭᠠᠬᠠᠨ ᠶᠠᠭᠤᠮᠠᠨ ᠳ᠋ᠤ᠌ ᠪᠠᠶᠠᠷᠯᠠᠵᠤ ᠳᠣᠭᠳᠣᠯᠴᠢᠬᠠᠭᠰᠠᠨ
ᠨᠠᠭᠠᠳᠤᠮ ᠱᠣᠭ ᠢ᠋ ᠴᠦ᠍ ᠦᠨᠡᠮᠰᠢᠵᠦ ᠨᠢᠯᠬ᠎ᠠ ᠰᠢᠭ᠋ ᠪᠣᠯᠴᠢᠬᠠᠭᠰᠠᠨ
ᠨᠢᠩᠵᠢᠨ ᠰᠡᠳᠬᠢᠯ ᠨᠢ ᠢᠯᠡᠭᠦᠦ ᠪᠣᠯᠵᠤ ᠪᠦᠭᠦᠳᠡ ᠶ᠋ᠢ ᠬᠥᠭᠡᠷᠦᠬᠦᠢᠯᠡᠴᠢᠬᠡᠭᠰᠡᠨ
ᠨᠢᠭᠡ ᠮᠡᠳᠡᠬᠦ ᠳ᠋ᠦ᠍ ᠡᠪᠦᠭᠡᠷᠡᠬᠦ ᠪᠠᠰᠠ ᠰᠠᠢᠬᠠᠨ ᠶᠤᠮ ᠳᠠ
ᠦᠰᠦᠭ ᠬᠠᠳᠠᠭᠴᠢ᠄ᠤᠷᠢᠶᠠᠩᠬᠠᠢ ᠨᠠᠷᠠᠨᠮᠠᠨᠳᠠ
ᠬᠢᠨᠠᠭᠴᠢ᠄ ᠦᠯᠵᠢᠮᠥᠩᠬᠡ ᠴᠡᠴᠡᠭ᠂ ᠠᠯᠲᠠᠨᠴᠡᠴᠡᠭ᠂ ᠲᠦᠮᠡᠨᠴᠡᠴᠡᠭ
