ᠤᠷᠲᠤ ᠳ᠋ᠣᠩᠭ᠎ᠠОрд донга Ord donga ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠲᠤ ᠳ᠋ᠣᠩᠭ᠎ᠠОрд донга Ord donga

ᠤᠷᠲᠤ ᠳ᠋ᠣᠩᠭ᠎ᠠОрд донга Ord donga

2025-03-26

226

ᠤᠷᠲᠤ ᠳ᠋ᠣᠩᠭ᠎ᠠ

    ᠲᠤᠰ ᠡᠮ ᠪᠣᠯ ᠪᠤᠷᠴᠠᠭ ᠤ᠋ᠨ ᠢᠵᠠᠭᠤᠷ ᠤ᠋ᠨ ᠤᠷᠭᠤᠮᠠᠯ ᠪᠣᠯᠬᠤ ᠤᠷᠲᠤ ᠳ᠋ᠣᠩᠭ᠎ᠠ ᠶ᠋ᠢᠨ ᠬᠠᠲᠠᠭᠠᠭᠰᠠᠨ ᠪᠣᠯᠪᠠᠰᠤᠷᠠᠮᠠᠯ ᠵᠢᠮᠢᠰ ᠮᠥᠨ᠃ ᠪᠠᠰᠠ ᠵᠤᠨᠰᠢᠩᠵᠠᠯᠪᠤ᠂ ᠳ᠋ᠣᠩᠭ᠎ᠠ ᠭᠡᠳᠡᠭ᠃
   [ ᠤᠤᠯ ᠤᠷᠭᠤᠮᠠᠯ] ᠲᠤᠷᠤᠭ ᠮᠣᠳᠣ᠂ ᠥᠨᠳᠥᠷ ᠨᠢ15m ᠬᠦᠷᠳᠡᠭ᠃  ᠪᠦᠬᠦ ᠪᠡᠶ᠎ᠡ ᠳᠤᠨᠢ ᠦᠰᠦ ᠦᠭᠡᠢ᠂  ᠬᠣᠯᠲᠣᠰᠣ ᠨᠢ ᠴᠠᠢᠪᠤᠷ ᠴᠠᠭᠠᠨ ᠥᠩᠭᠡ ᠲᠡᠢ᠂ ᠭᠥᠯᠢᠭᠡᠷ᠃ ᠲᠡᠭᠰᠢ ᠥᠳᠥᠯᠢᠭ ᠨᠠᠪᠴᠢ ᠲᠠᠢ ᠪᠥᠭᠡᠳ ᠨᠠᠪᠴᠢ ᠨᠢ ᠴᠢᠭᠲᠠᠯᠠᠨ ᠤᠷᠭᠤᠨ᠎ᠠ᠃ ᠨᠠᠪᠴᠢᠨ ᠪᠠᠷᠢᠭᠤᠯ ᠪᠣᠯᠤᠨ ᠨᠠᠪᠴᠢᠨ ᠲᠡᠩᠭᠡᠯᠢᠭ ᠳᠡᠭᠡᠷ᠎ᠡ ᠨᠢ ᠪᠤᠯᠴᠢᠷᠬᠠᠢ ᠲᠣᠯᠪᠣ ᠦᠭᠡᠢ᠂ ᠵᠢᠵᠢᠭ ᠨᠠᠪᠴᠢ ᠨᠢ4~8 ᠬᠣᠣᠰ᠂ ᠥᠨᠳᠡᠭᠡᠯᠵᠢᠨ ᠡᠴᠡ ᠵᠤᠤᠪᠠᠩ ᠬᠡᠯᠪᠡᠷᠢ ᠲᠡᠢ᠂6~15cm ᠤᠷᠲᠤ᠂3.5~5cm ᠥᠷᠭᠡᠨ᠂ ᠱᠣᠪᠲᠤᠭᠤᠷ ᠦᠵᠦᠭᠦᠷ ᠲᠡᠢ᠂ ᠣᠬᠣᠷ ᠱᠣᠪᠬᠣ ᠤᠭ ᠲᠠᠢ᠂ ᠪᠦᠲᠦᠨ ᠬᠥᠪᠡᠭᠡ ᠲᠡᠢ᠂ ᠬᠣᠶᠠᠷ ᠲᠠᠯ᠎ᠠ ᠳᠤᠨᠢ ᠪᠦᠷ ᠵᠢᠭᠠᠬᠠᠨ ᠦᠰᠦ ᠲᠡᠢ ᠃ᠴᠠᠴᠤᠭ ᠬᠡᠯᠪᠡᠷᠢᠲᠦ ᠪᠠᠭ ᠴᠡᠴᠡᠭ ᠨᠢ ᠰᠡᠢᠷᠡᠭ ᠲᠠᠷᠠᠬᠠᠢ᠂  ᠤᠨᠵᠢᠢᠨ ᠳᠡᠯᠭᠡᠷᠡᠨ᠎ᠡ᠃5 ᠲᠣᠭᠳᠣᠢ ᠢᠯᠲᠠᠰᠤ ᠲᠠᠢ᠂ ᠤᠷᠲᠤ ᠥᠨᠳᠡᠭᠡᠯᠵᠢᠨ ᠬᠡᠯᠪᠡᠷᠢ ᠲᠡᠢ᠂1~1.5cm ᠤᠷᠲᠤ᠃ ᠴᠡᠴᠡᠭ ᠦ᠋ᠨ ᠳᠡᠯᠪᠢ ᠨᠢ ᠡᠷᠪᠡᠬᠡᠢ ᠬᠡᠯᠪᠡᠷᠢ ᠲᠡᠢ᠂ ᠴᠡᠴᠡᠭ ᠦ᠋ᠨ ᠬᠡᠯᠲᠡᠰ ᠨᠢ5᠂ ᠰᠣᠷᠭᠣᠭ ᠰᠢᠷ᠎ᠠ ᠥᠩᠭᠡ ᠲᠡᠢ ᠂ᠳ᠋ᠢᠶᠠᠮᠧᠲ᠋ᠷ ᠨᠢ4cm ᠣᠷᠴᠢᠮ᠂ ᠴᠡᠴᠡᠭ ᠦ᠋ᠨ ᠬᠡᠯᠲᠡᠰ ᠦ᠋ᠨ ᠢᠯᠲᠠᠰᠤ ᠨᠢ ᠥᠨᠳᠡᠭᠡᠯᠵᠢᠨ  ᠲᠣᠭᠣᠷᠢᠭ ᠬᠡᠯᠪᠡᠷᠢ ᠲᠡᠢ᠂ ᠶᠡᠬᠡ ᠪᠠᠭ᠎ᠠ ᠨᠢ ᠠᠳᠠᠯᠢ᠃10 ᠡᠷ᠎ᠡ ᠲᠣᠭᠣᠷᠴᠣᠭ ᠲᠠᠢ᠂ ᠤᠷᠲᠤ ᠨᠢ ᠲᠡᠩᠴᠡᠭᠦᠦ ᠪᠤᠰᠤ ᠮᠥᠷᠲᠡᠭᠡᠨ ᠭᠦᠢᠴᠡᠳ ᠬᠥᠭᠵᠢᠯ ᠦᠭᠡᠢ᠂ ᠴᠡᠴᠡᠭ ᠦ᠋ᠨ ᠳᠣᠬᠢᠭᠤᠷ ᠨᠢ ᠮᠤᠷᠤᠢ᠂ ᠲᠣᠭᠣᠰᠣᠪᠴᠢ ᠨᠢ ᠵᠤᠤᠪᠠᠩ ᠬᠡᠯᠪᠡᠷᠢ ᠲᠡᠢ᠃1 ᠡᠮ᠎ᠡ ᠲᠣᠭᠣᠷᠴᠣᠭ ᠲᠠᠢ᠂ ᠤᠮᠠᠢ ᠨᠢ ᠪᠠᠷᠤᠭ ᠪᠠᠷᠢᠭᠤᠯ ᠦᠭᠡᠢ᠂ ᠴᠡᠴᠡᠭ ᠦ᠋ᠨ ᠪᠠᠭᠠᠨ᠎ᠠ ᠨᠢ ᠳᠣᠲᠣᠭᠰᠢ ᠪᠠᠨ ᠮᠤᠷᠤᠢ᠂ ᠪᠠᠭᠠᠨ᠎ᠠ ᠶ᠋ᠢᠨ ᠠᠮᠠᠰᠠᠷ ᠨᠢ ᠣᠷᠣᠢ ᠳᠤᠨᠢ ᠣᠷᠣᠰᠢᠨ᠎ᠠ᠂ ᠠᠮᠠᠰᠠᠷ ᠨᠢ ᠲᠡᠭᠰᠢᠬᠡᠨ᠃ ᠪᠤᠷᠴᠠᠭ ᠵᠢᠮᠢᠰ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂ ᠪᠦᠳᠡᠭᠢ ᠬᠦᠷᠡᠩ ᠥᠩᠭᠡ ᠲᠡᠢ᠂30~60cm ᠤᠷᠲᠤ᠃ ᠦᠷ᠎ᠡ ᠨᠢ ᠬᠠᠪᠲᠠᠭᠠᠢ᠂ ᠤᠯᠠᠭᠠᠨ ᠬᠦᠷᠡᠩ ᠥᠩᠭᠡ ᠲᠡᠢ᠂ ᠭᠢᠯᠦᠭᠡᠷ᠂ ᠦᠷ᠎ᠡ ᠶ᠋ᠢᠨ ᠬᠣᠭᠣᠷᠣᠨᠳᠣ ᠨᠢ ᠲᠠᠰᠤᠯᠤᠪᠴᠢ ᠲᠠᠢ᠃5~7 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
   [ ᠤᠷᠭᠤᠬᠤ ᠣᠷᠴᠢᠨ ᠬᠢᠭᠡᠳ ᠲᠠᠷᠬᠠᠴᠠ] ᠰᠡᠢᠷᠡᠭ ᠣᠢ ᠪᠤᠶᠤ ᠰᠥᠭᠡᠭ ᠳᠤᠮᠳᠠ ᠤᠷᠭᠤᠨ᠎ᠠ᠃ ᠶᠦᠨᠨᠠᠨ᠂ ᠲᠠᠢᠸᠠᠨ᠂ ᠭᠤᠸᠩᠳᠥ᠋ᠩ᠂ ᠭᠤᠸᠠᠩᠰᠢ ᠳ᠋ᠤ᠌ ᠲᠠᠷᠬᠠᠴᠠ ᠲᠠᠢ᠃
    [ ᠲᠡᠭᠦᠵᠦ ᠪᠣᠯᠪᠠᠰᠤᠷᠠᠭᠤᠯᠬᠤ] ᠨᠠᠮᠤᠷ ᠪᠣᠯᠪᠠᠰᠤᠷᠠᠭᠰᠠᠨ ᠵᠢᠮᠢᠰ ᠢ᠋ ᠨᠢ ᠲᠡᠭᠦᠵᠦ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠠᠮᠲᠠᠯᠢᠭ᠂ ᠥᠴᠦᠬᠡᠨ ᠭᠤᠱᠤᠭᠤᠨ ᠠᠮᠲᠠ ᠲᠠᠢ᠃ ᠰᠡᠷᠢᠭᠦᠨ ᠴᠢᠨᠠᠷ ᠲᠠᠢ᠃ ᠬᠦᠨᠳᠦ᠂ ᠵᠥᠭᠡᠯᠡᠨ᠂ ᠬᠤᠷᠴᠠ᠂ ᠲᠣᠰᠣᠯᠢᠭ ᠡᠷᠳᠡᠮ ᠲᠡᠢ᠃ ᠬᠣᠣᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠵᠥᠭᠡᠯᠡᠨ ᠢ᠋ᠶ᠋ᠡᠷ ᠳᠣᠭᠣᠯᠭᠠᠬᠤ᠂ ᠬᠠᠪᠤᠳᠠᠷ ᠢ᠋ ᠬᠠᠷᠢᠭᠤᠯᠬᠤ᠂ ᠬᠣᠣᠷ ᠢ᠋ ᠲᠠᠢᠯᠬᠤ ᠴᠢᠳᠠᠯ ᠲᠠᠢ᠃ ᠭᠣᠣᠯᠳᠠᠭᠤ ᠡᠯᠢᠭᠡᠨ ᠦ᠌ ᠰᠢᠨ᠎ᠡ ᠬᠠᠭᠤᠴᠢᠨ ᠡᠪᠡᠳᠴᠢᠨ᠂ ᠡᠯᠢᠭᠡᠨ ᠦ᠌ ᠬᠣᠣᠷᠳᠠᠯ᠂ ᠬᠠᠪᠤᠩ ᠡᠪᠡᠳᠴᠢᠨ᠂ ᠬᠣᠣᠷ ᠡᠪᠡᠳᠴᠢᠨ᠂ ᠲᠤᠯᠠᠢ ᠂ ᠬᠡᠷᠦᠬᠦ᠂ ᠰᠢᠷ᠎ᠠ ᠤᠰᠤᠨ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃

    ᠬᠢᠲᠠᠳ ᠨᠡᠷ᠎ᠡ᠄腊肠果(腊肠树)
    ᠠᠩᠭ᠌ᠯᠢ ᠨᠡᠷ᠎ᠡ᠄Cassia  flstuLa  L.

    ᠦᠰᠦᠭ ᠠᠮᠢᠯᠠᠭᠤᠯᠤᠭᠴᠢ᠄ ᠲᠣᠣᠬᠣᠸᠠᠷ
    ᠬᠢᠨᠠᠭᠴᠢ᠄ ᠣᠶᠤᠨᠴᠢᠮᠡᠭ᠂ ᠲᠤᠶᠠᠭ᠎ᠠ