1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠬᠦᠯᠢ ᠰᠢᠭᠦᠰᠦᠨ ᠦ᠌ ᠢᠷᠥᠭᠡᠯ-ᠰᠢᠷ᠎ᠠ ᠪᠦᠰᠡᠲᠡᠨ᠂ ᠪᠦᠷᠢᠨᠪᠢᠯᠢᠭБүхэл шүүсэний ерөөл-Шар бүстэн,Бүрнбилэг

ᠪᠦᠬᠦᠯᠢ ᠰᠢᠭᠦᠰᠦᠨ ᠦ᠌ ᠢᠷᠥᠭᠡᠯ-ᠰᠢᠷ᠎ᠠ ᠪᠦᠰᠡᠲᠡᠨ᠂ ᠪᠦᠷᠢᠨᠪᠢᠯᠢᠭБүхэл шүүсэний ерөөл-Шар бүстэн,Бүрнбилэг

2025-03-25

2251

ᠪᠦᠬᠦᠯᠢ ᠰᠢᠭᠦᠰᠦᠨ ᠦ᠌ ᠢᠷᠥᠭᠡᠯ

ᠪᠦᠬᠦᠯᠢ ᠰᠢᠭᠦᠰᠦᠨ ᠦ᠌ ᠢᠷᠥᠭᠡᠯ

           ᠰᠢᠷ᠎ᠠ ᠪᠦᠰᠡᠲᠡᠨ᠂ ᠪᠦᠷᠢᠨᠪᠢᠯᠢᠭ

 ᠵᠠ! ᠣᠮ ᠰᠠᠢᠨ ᠠᠮᠤᠭᠤᠯᠠᠩ ᠪᠣᠯᠲᠤᠭᠠᠢ!
 ᠡᠩᠬᠡ ᠰᠠᠢᠨ ᠵᠢᠷᠭᠠᠯᠠᠩ ᠪᠣᠯᠲᠤᠭᠠᠢ!

 ᠡᠷᠲᠡ ᠳᠡᠭᠡᠳᠦ ᠶ᠋ᠢᠨ ᠵᠤᠷᠰᠢᠯ
 ᠡᠨᠡ ᠲᠥᠷᠥ ᠶ᠋ᠢᠨ ᠵᠠᠩᠰᠢᠯ
ᠤᠷᠢᠳᠤ ᠳᠡᠭᠡᠳᠦ ᠶ᠋ᠢᠨ ᠦᠶ᠎ᠡ ᠡᠴᠡ
 ᠤᠯᠠᠮᠵᠢᠯᠠᠵᠤ ᠢᠷᠡᠭᠰᠡᠨ ᠢᠳᠡᠭᠡᠨ

 ᠤᠷᠤᠭ ᠲᠥᠷᠥᠯ ᠦ᠋ᠨ ᠣᠯᠠᠨ ᠳ᠋ᠠᠭᠠᠨ
 ᠬᠥᠨᠳᠡᠵᠦ ᠪᠠᠷᠢᠭᠰᠠᠨ ᠢᠳᠡᠭᠡᠨ
 ᠮᠢᠩᠭᠠᠨ ᠬᠣᠨᠢᠨ ᠤ᠋ ᠮᠠᠩᠯᠠᠢ
 ᠲᠦᠮᠡᠨ ᠬᠣᠨᠢᠨ ᠤ᠋ ᠲᠦᠷᠦᠭᠦᠦ

 ᠡᠷᠬᠢᠮ ᠨᠠᠢᠷ ᠲᠤ᠌ ᠳᠡᠪᠰᠢᠭᠦᠯᠦᠭᠰᠡᠨ
 ᠡᠨᠡ ᠰᠠᠢᠬᠠᠨ ᠢᠷᠭᠡ ᠪᠣᠯ
 ᠠᠯᠲᠠᠨ ᠥᠯᠥᠭᠡᠢ ᠨᠤᠲᠤᠭ ᠢ᠋ᠶ᠋ᠠᠷ
 ᠪᠡᠯᠴᠢᠭᠡᠷ ᠶᠤᠭᠡᠨ ᠪᠣᠯᠭᠠᠭᠰᠠᠨ


 ᠷᠠᠰᠢᠶᠠᠨ ᠪᠤᠯᠠᠭ ᠤ᠋ᠨ ᠤᠰᠤ ᠪᠠᠷ
 ᠤᠮᠳᠠ ᠶᠤᠭᠠᠨ ᠪᠣᠯᠭᠠᠭᠰᠠᠨ
 ᠠᠮᠪᠠᠨ ᠰᠠᠢᠬᠠᠨ ᠪᠡᠶ᠎ᠡ ᠲᠡᠢ
 ᠠᠴᠠ ᠳᠥᠷᠪᠡᠨ ᠲᠤᠭᠤᠷᠠᠢ ᠲᠠᠢ

 ᠠᠩᠭᠠᠯ ᠴᠠᠩᠭᠠᠯ ᠤ᠋ᠨ ᠤᠰᠤ ᠪᠠᠷ
 ᠠᠷᠠᠭ ᠶᠠᠰᠤ ᠨᠢ ᠪᠦᠲᠦᠭᠰᠡᠨ
 ᠠᠭᠢ ᠳᠠᠭᠠᠨ᠎ᠠ ᠶ᠋ᠢᠨ ᠰᠢᠮ᠎ᠡ ᠪᠡᠷ
 ᠠᠮᠲᠠ ᠴᠢᠨᠠᠷ ᠨᠢ ᠪᠦᠷᠢᠳᠦᠭᠰᠡᠨ

 ᠳᠠᠪᠠᠭᠠᠨ ᠠᠷᠤ ᠶ᠋ᠢᠨ ᠪᠡᠯᠴᠢᠭᠡᠷ ᠲᠦ
 ᠳᠠᠯᠤ ᠨᠢᠷᠤᠭᠤ ᠨᠢ ᠵᠤᠵᠠᠭᠠᠷᠠᠵᠤ
 ᠳᠠᠪᠤᠰᠤᠨ ᠨᠠᠭᠤᠷ ᠤ᠋ᠨ ᠬᠤᠵᠢᠷ ᠲᠤ᠌
 ᠲᠡᠰᠢᠶ᠎ᠡ ᠰᠡᠭᠦᠯ ᠨᠢ ᠥᠭᠡᠬᠦᠯᠡᠭᠰᠡᠨ

 ᠮᠣᠯᠣᠷ ᠡᠷᠳᠡᠨᠢ ᠶ᠋ᠢᠨ ᠲᠣᠯᠣᠭᠠᠢ ᠲᠠᠢ
 ᠮᠤᠬᠤᠷ ᠡᠷᠳᠡᠨᠢ ᠶ᠋ᠢᠨ ᠣᠯᠣᠭᠠᠢ ᠲᠠᠢ
 ᠬᠠᠨ᠎ᠠ ᠮᠡᠲᠦ ᠬᠠ ᠲᠠᠢ
 ᠬᠠᠭᠠᠯᠭ᠎ᠠ ᠮᠡᠲᠦ ᠭᠤᠶ᠎ᠠ ᠲᠠᠢ

  ᠳᠤᠭᠤᠷᠠᠭᠬᠠᠨ ᠡᠪᠡᠷ ᠲᠡᠢ
 ᠲᠥᠭᠥᠷᠢᠭᠬᠡᠨ ᠰᠡᠭᠦᠯ ᠲᠡᠢ
 ᠲᠤᠩ ᠴᠠᠭᠠᠨ ᠬᠣᠨᠢᠨ ᠤ᠋
 ᠲᠣᠯᠣᠭᠠᠢ ᠴᠠᠭᠠᠨ ᠰᠢᠭᠦᠰᠦ ᠶ᠋ᠢ

 ᠵᠠᠭᠠᠮᠠᠯ ᠲᠠᠪᠠᠭ ᠲᠤ᠌ ᠬᠢᠵᠦ
 ᠽᠠᠨᠳᠠᠨ ᠰᠢᠷᠡᠭᠡᠨ ᠳ᠋ᠦ᠍ ᠲᠠᠯᠪᠢᠭᠠᠳ
 ᠤᠭᠤᠷᠠᠭ ᠰᠡᠭᠦᠯ ᠢ᠋ ᠨᠢ ᠬᠥᠨᠳᠡᠵᠦ
 ᠤᠪᠤᠭ᠎ᠠ ᠬᠠᠢᠷᠬᠠᠨ ᠳ᠋ᠤ᠌ ᠪᠠᠨ ᠡᠷᠭᠦᠶ᠎ᠡ

 ᠤᠭᠤᠴᠠ ᠬᠠᠵᠠᠭᠤ ᠶ᠋ᠢ ᠨᠢ ᠤᠨᠠᠭᠠᠵᠤ
 ᠤᠷᠤᠭ ᠲᠥᠷᠥᠯ ᠳ᠋ᠡᠭᠡᠨ ᠪᠠᠷᠢᠶ᠎ᠠ
 ᠲᠥᠭᠡᠨ᠎ᠡ ᠶ᠋ᠢ ᠨᠢ ᠲᠦᠮᠡᠨ ᠢ᠋ᠶ᠋ᠡᠷ ᠢ᠋ᠶ᠋ᠡᠨ ᠳᠡᠭᠡᠵᠢᠯᠡᠵᠦ
 ᠲᠡᠭᠦᠰ ᠣᠯᠠᠨ ᠢ᠋ᠶ᠋ᠠᠷ ᠢ᠋ᠶ᠋ᠠᠨ ᠠᠮᠰᠠᠮᠤ!

 ᠪᠦᠬᠦᠯᠢ ᠶ᠋ᠢ ᠪᠥᠭᠡᠮ ᠢ᠋ᠶ᠋ᠡᠷ ᠢ᠋ᠶ᠋ᠡᠨ ᠠᠮᠰᠠᠵᠤ
 ᠪᠦᠭᠦᠳᠡ ᠣᠯᠠᠨ ᠢ᠋ᠶ᠋ᠠᠷ ᠢ᠋ᠶ᠋ᠠᠨ ᠵᠣᠭᠣᠭᠯᠠᠮᠤ!

       2024.9 ᠰᠠᠷ᠎ᠠ ᠳ᠋ᠤ᠌ ᠡᠷᠢᠶᠡᠨ ᠬᠣᠲᠠᠨ᠎ᠠ

  ᠦᠰᠦᠭ ᠠᠮᠢᠯᠠᠭᠤᠯᠤᠭᠴᠢ᠄ ᠪᠤᠤ᠂ ᠰᠠᠷᠠᠨ᠎ᠠ
  ᠦᠰᠦᠭ ᠬᠠᠲᠠᠭᠴᠢ᠄ ᠪᠦᠦ ᠰᠠᠷᠠᠨ᠎ᠠ
  ᠬᠢᠨᠠᠭᠴᠢ᠄ ᠣᠳᠬᠠᠨᠰᠣ‌‍ᠠ᠋