ᠠᠮᠢᠳᠤᠷᠠᠯ ᠳᠤᠮᠳᠠᠬᠢ ᠳᠥᠷᠪᠡᠯᠡᠯ – ᠭᠦᠩᠭᠠᠷ Амьдрал дундах дөрөвлөл – Гүнгар
ᠠᠮᠢᠳᠤᠷᠠᠯ ᠳᠤᠮᠳᠠᠬᠢ ᠳᠥᠷᠪᠡᠯᠡᠯ
ᠳᠥᠷᠪᠡᠨ— ᠰᠠᠯᠳᠠᠭ ᠦᠭᠡᠢ
ᠠᠮᠢᠳᠤ ᠬᠥᠮᠦᠨ ᠡᠴᠡ ᠰᠡᠭᠦᠳᠡᠷ ᠰᠠᠯᠳᠠᠭ ᠦᠭᠡᠢ
ᠠᠯᠲᠠᠨ ᠦᠨᠳᠦᠰᠦᠲᠡᠨ ᠡᠴᠡ ᠬᠡᠯᠡ ᠰᠠᠯᠳᠠᠭ ᠦᠭᠡᠢ
ᠲᠤᠭᠤᠷᠠᠢᠲᠤ ᠮᠠᠯ ᠠ᠋ᠴᠠ ᠪᠤᠶᠠᠨ ᠰᠠᠯᠳᠠᠭ ᠦᠭᠡᠢ
ᠲᠤᠭᠤᠷᠭᠠᠲᠤ ᠭᠡᠷ ᠡᠴᠡ ᠲᠡᠦᠬᠡ ᠰᠠᠯᠳᠠᠭ ᠦᠭᠡᠢ
ᠳᠥᠷᠪᠡᠨ— ᠠᠭᠤᠰᠳᠠᠭ
ᠠᠯᠢᠮ᠎ᠠ ᠭᠡᠭᠴᠢ ᠠᠷᠠᠭᠠᠨ ᠳ᠋ᠤ᠌ ᠠᠭᠤᠰᠳᠠᠭ
ᠠᠪᠠᠬ᠎ᠠ ᠭᠡᠭᠴᠢ ᠴᠡᠭᠡᠵᠢᠨ ᠳ᠋ᠦ᠍ ᠠᠭᠤᠰᠳᠠᠭ
ᠠᠷᠢᠬᠢ ᠭᠡᠭᠴᠢ ᠮᠡᠳᠡᠷᠡᠯ ᠳ᠋ᠦ᠍ ᠠᠭᠤᠰᠳᠠᠭ
ᠠᠮᠠᠷᠠᠭ ᠭᠡᠭᠴᠢ ᠰᠡᠳᠬᠢᠯ ᠳ᠋ᠦ᠍ ᠠᠭᠤᠰᠳᠠᠭ
ᠳᠥᠷᠪᠡᠨ— ᠪᠣᠯᠬᠤ
ᠡᠯᠡᠰᠦ ᠮᠠᠩᠬ᠎ᠠ ᠪᠠᠨ ᠥᠭᠡᠷᠡᠴᠢᠯᠡᠪᠡᠯ ᠨᠣᠮᠢᠨ ᠪᠣᠯᠬᠤ
ᠡᠪᠳᠡᠷᠡᠯ ᠬᠣᠬᠢᠷᠠᠯ ᠢ᠋ᠶ᠋ᠠᠨ ᠡᠭᠡᠭᠦᠯᠪᠡᠯ ᠳᠡᠪᠰᠢᠯᠲᠡ ᠪᠣᠯᠬᠤ
ᠡᠷᠭᠢᠬᠦ ᠮᠠᠷᠭᠠᠰᠢ ᠪᠠᠨ ᠴᠣᠭᠴᠠᠯᠠᠪᠠᠯ ᠰᠢᠨᠡᠴᠢᠯᠡᠯ ᠪᠣᠯᠬᠤ
ᠡᠵᠡᠨᠲᠦ ᠨᠤᠲᠤᠭ ᠢ᠋ᠶ᠋ᠠᠨ ᠰᠠᠬᠢᠪᠠᠯ ᠪᠤᠶᠠᠨ ᠪᠣᠯᠬᠤ
ᠳᠥᠷᠪᠡᠨ— ᠪᠦᠬᠦᠨ
ᠢᠳᠡᠭᠰᠡᠨ ᠪᠦᠬᠦᠨ ᠰᠢᠮ᠎ᠡ ᠪᠣᠯᠳᠠᠭ ᠦᠭᠡᠢ
ᠤᠩᠰᠢᠭᠰᠠᠨ ᠪᠦᠬᠦᠨ ᠮᠡᠳᠡᠯᠭᠡ ᠪᠣᠯᠳᠠᠭ ᠦᠭᠡᠢ
ᠤᠴᠠᠷᠠᠭᠰᠠᠨ ᠪᠦᠬᠦᠨ ᠨᠠᠢᠵᠠ ᠪᠣᠯᠳᠠᠭ ᠦᠭᠡᠢ
ᠤᠷᠤᠭᠤᠳᠠᠭᠰᠠᠨ ᠪᠦᠬᠦᠨ ᠮᠠᠭᠤ ᠪᠣᠯᠳᠠᠭ ᠦᠭᠡᠢ
ᠳᠥᠷᠪᠡᠨ— ᠨᠢᠭᠡ
ᠣᠷᠣᠯᠳᠣᠭᠠᠳ ᠪᠠᠢᠪᠠᠯ ᠪᠦᠲᠦᠬᠦ ᠨᠢᠭᠡ ᠡᠳᠦᠷ ᠪᠣᠢ
ᠣᠷᠣᠯᠳᠣᠭᠠᠳ ᠪᠠᠢᠪᠠᠯ ᠲᠦᠷᠦᠭᠦᠯᠡᠬᠦ ᠨᠢᠭᠡ ᠴᠠᠭ ᠪᠣᠢ
ᠠᠵᠢᠯᠯᠠᠭᠠᠳ ᠪᠠᠢᠪᠠᠯ ᠪᠠᠶᠠᠵᠢᠬᠤ ᠨᠢᠭᠡ ᠵᠢᠯ ᠪᠣᠢ
ᠠᠶᠠᠯᠠᠭᠠᠳ ᠪᠠᠢᠪᠠᠯ ᠬᠦᠷᠬᠦ ᠨᠢᠭᠡ ᠥᠷᠲᠡᠭᠡ ᠪᠣᠢ
ᠳᠥᠷᠪᠡᠨ— ᠴᠢᠳᠠᠬᠤ
ᠪᠣᠳᠣᠯ ᠰᠠᠨᠠᠭ᠎ᠠ ᠪᠠᠨ ᠬᠤᠪᠢᠶᠠᠯᠴᠠᠵᠤ ᠴᠢᠳᠠᠬᠤ
ᠪᠤᠷᠤᠭᠤ ᠬᠠᠵᠠᠭᠠᠢ ᠪᠠᠨ ᠵᠠᠯᠠᠷᠠᠭᠤᠯᠵᠤ ᠴᠢᠳᠠᠬᠤ
ᠣᠯᠵᠠ ᠠᠰᠢᠭ ᠢ᠋ᠶ᠋ᠠᠨ ᠵᠣᠬᠢᠴᠠᠭᠤᠯᠵᠤ ᠴᠢᠳᠠᠬᠤ
ᠣᠯᠤᠭᠰᠠᠨ ᠠᠯᠳᠠᠭᠰᠠᠨ ᠢ᠋ᠶ᠋ᠠᠨ ᠳ᠋ᠦᠩᠨᠡᠵᠦ ᠴᠢᠳᠠᠬᠤ
ᠳᠥᠷᠪᠡᠨ— ᠭᠡᠳᠡᠭ
ᠪᠤᠰᠤᠳ ᠢ᠋ ᠬᠦᠨᠳᠦᠯᠡᠵᠦ ᠴᠢᠳᠠᠬᠤ ᠶ᠋ᠢ ᠮᠣᠷᠠᠯ ᠭᠡᠳᠡᠭ
ᠪᠤᠷᠤᠭᠤ ᠶ᠋ᠢ ᠰᠠᠨᠠᠭᠤᠯᠵᠤ ᠴᠢᠳᠠᠬᠤ ᠶ᠋ᠢ ᠰᠤᠷᠭᠠᠯ ᠭᠡᠳᠡᠭ
ᠪᠣᠯᠤᠮᠵᠢ ᠶ᠋ᠢ ᠠᠰᠢᠭᠯᠠᠵᠤ ᠴᠢᠳᠠᠬᠤ ᠶ᠋ᠢ ᠴᠢᠳᠠᠪᠤᠷᠢ ᠭᠡᠳᠡᠭ
ᠪᠣᠳᠣᠯ ᠢ᠋ᠶ᠋ᠠᠨ ᠲᠤᠩᠭᠠᠵᠤ ᠴᠢᠳᠠᠬᠤ ᠶ᠋ᠢ ᠬᠢᠨᠠᠮᠠᠭᠠᠢ ᠭᠡᠳᠡᠭ
ᠳᠥᠷᠪᠡᠨ— ᠬᠠᠪᠰᠤᠷᠤᠯᠴᠠ
ᠬᠣᠭᠣᠷᠣ ᠬᠣᠭᠣᠷᠣᠨᠳᠣ ᠪᠠᠨ ᠢᠯᠡᠭᠦᠬᠡᠨ ᠬᠠᠪᠰᠤᠷᠤᠯᠴᠠ
ᠬᠣᠭᠣᠯᠠ ᠢᠳᠡᠳᠡᠭ ᠰᠠᠪᠬ᠎ᠠ ᠰᠢᠭ᠋ ᠬᠠᠪᠰᠤᠷᠤᠯᠴᠠ
ᠬᠣᠯᠠ ᠶ᠋ᠢ ᠰᠡᠳᠬᠢᠵᠦ ᠢᠯᠡᠭᠦᠬᠡᠨ ᠬᠠᠪᠰᠤᠷᠤᠯᠴᠠ
ᠬᠣᠷᠭᠣᠢ ᠡᠰᠬᠡᠳᠡᠭ ᠬᠠᠢᠴᠢ ᠰᠢᠭ᠋ ᠬᠠᠪᠰᠤᠷᠤᠯᠴᠠ
ᠳᠥᠷᠪᠡᠨ — ᠰᠠᠯᠪᠠᠯ
ᠬᠥᠮᠦᠨ ᠬᠥᠳᠡᠯᠮᠦᠷᠢ ᠡᠴᠡ ᠰᠠᠯᠪᠠᠯ ᠶᠠᠳᠠᠭᠤᠷᠠᠬᠤ
ᠮᠠᠯ ᠡᠪᠡᠰᠦᠨ ᠡᠴᠡ ᠰᠠᠯᠪᠠᠯ ᠲᠠᠷᠳᠠᠬᠤ
ᠵᠢᠭᠠᠰᠤ ᠤᠰᠤᠨ ᠠ᠋ᠴᠠ ᠰᠠᠯᠪᠠᠯ ᠦᠬᠦᠬᠦ
ᠭᠤᠸ᠎ᠠ ᠵᠡᠯ᠎ᠡ ᠡᠴᠡ ᠰᠠᠯᠪᠠᠯ ᠬᠠᠲᠠᠬᠤ
ᠳᠥᠷᠪᠡᠨ— ᠪᠠᠶᠠᠨ
ᠮᠥᠷᠭᠥᠵᠦ ᠵᠣᠯᠭᠠᠬᠤ ᠪᠤᠭᠤᠷᠤᠯ ᠤ᠋ᠳ ᠲᠠᠢ ᠪᠣᠯ ᠲᠦᠰᠢᠭᠲᠦ ᠪᠠᠶᠠᠨ
ᠮᠥᠬᠥᠯᠢᠭ ᠰᠢᠷᠣᠢ ᠪᠠᠨ ᠠᠯᠳᠠᠬᠤ ᠦᠭᠡᠢ ᠪᠣᠯ ᠮᠥᠩᠬᠡ ᠪᠠᠶᠠᠨ
ᠮᠥᠩᠭᠥ ᠡᠪᠦᠷᠲᠦᠭᠦᠯᠬᠦ ᠵᠠᠶᠠᠭ᠎ᠠ ᠲᠠᠢ ᠪᠣᠯ ᠣᠮᠣᠭᠲᠤ ᠪᠠᠶᠠᠨ
ᠮᠥᠯᠬᠥᠵᠦ ᠥᠰᠦᠭᠰᠡᠨ ᠢ᠋ᠶ᠋ᠡᠨ ᠮᠠᠷᠲᠠᠬᠤ ᠦᠭᠡᠢ ᠪᠣᠯ ᠤᠬᠠᠭᠠᠨᠲᠤ ᠪᠠᠶᠠᠨ
ᠳᠥᠷᠪᠡᠨ— ᠰᠠᠢᠬᠠᠨ
ᠡᠷᠳᠡᠮ ᠮᠡᠳᠡᠯᠭᠡ ᠳ᠋ᠦ᠍ ᠰᠢᠮᠳᠠᠬᠤ ᠰᠠᠢᠬᠠᠨ
ᠡᠨᠡᠬᠡᠨ ᠪᠡᠶ᠎ᠡ ᠳ᠋ᠦ᠍ ᠮᠣᠷᠠᠯ ᠰᠠᠢᠬᠠᠨ
ᠡᠷᠢᠨ ᠵᠠᠭᠤᠨ ᠳ᠋ᠤ᠌ ᠴᠢᠳᠠᠪᠤᠷᠢ ᠰᠠᠢᠬᠠᠨ
ᠡᠷᠭᠢᠬᠦ ᠬᠣᠷᠸ᠎ᠠ ᠳ᠋ᠤ᠌ ᠬᠦᠰᠡᠯ ᠰᠠᠢᠬᠠᠨ
ᠳᠥᠷᠪᠡᠨ— ᠭᠣᠶᠣ
ᠦᠭᠡᠨ ᠦ᠌ ᠭᠣᠶᠣ ᠦᠨᠡᠨ ᠳ᠋ᠦ᠍ ᠪᠣᠢ
ᠦᠢᠯᠡ ᠶ᠋ᠢᠨ ᠭᠣᠶᠣ ᠬᠢᠬᠦ ᠳ᠋ᠦ᠍ ᠪᠣᠢ
ᠬᠥᠮᠦᠨ ᠦ᠌ ᠭᠣᠶᠣ ᠮᠣᠷᠠᠯ ᠳ᠋ᠤ᠌ ᠪᠣᠢ
ᠬᠦᠰᠡᠯ ᠦ᠋ᠨ ᠭᠣᠶᠣ ᠪᠡᠶᠡᠯᠡᠬᠦ ᠳ᠋ᠦ᠍ ᠪᠣᠢ
ᠳᠥᠷᠪᠡᠨ— ᠭᠡᠵᠦ
ᠴᠢᠳᠠᠯ ᠭᠡᠵᠦ ᠵᠣᠷᠢᠭ ᠲᠤ ᠪᠣᠢ
ᠴᠡᠬᠡᠴᠢ ᠭᠡᠵᠦ ᠤᠬᠠᠮᠰᠠᠷ ᠲᠤ ᠪᠣᠢ
ᠢᠲᠡᠭᠡᠯ ᠭᠡᠵᠦ ᠪᠢᠰᠢᠷᠡᠬᠦ ᠳ᠋ᠦ᠍ ᠪᠣᠢ
ᠢᠯᠠᠯᠲᠠ ᠭᠡᠵᠦ ᠲᠡᠮᠡᠴᠡᠬᠦ ᠳ᠋ᠦ᠍ ᠪᠣᠢ
ᠳᠥᠷᠪᠡᠨ— ᠡᠷᠬᠢᠮ
ᠤᠯᠤᠰ ᠦᠨᠳᠦᠰᠦᠲᠡᠨ ᠳ᠋ᠦ᠍ ᠪᠦᠯᠬᠦᠮᠳᠡᠯ ᠡᠷᠬᠢᠮ
ᠤᠷᠤᠭᠰᠢ ᠳᠠᠪᠰᠢᠬᠤ ᠳ᠋ᠤ᠌ ᠴᠢᠷᠮᠠᠢᠯᠭ᠎ᠠ ᠡᠷᠬᠢᠮ
ᠤᠬᠠᠭᠠᠨ ᠪᠣᠳᠣᠯ ᠳ᠋ᠤ᠌ ᠰᠡᠷᠭᠡᠭ ᠡᠷᠬᠢᠮ
ᠤᠤᠭᠤᠵᠤ ᠢᠳᠡᠬᠦ ᠳ᠋ᠦ᠍ ᠠᠷᠪᠢᠴᠢ ᠡᠷᠬᠢᠮ
ᠳᠥᠷᠪᠡᠨ— ᠨᠢᠭᠡ
ᠦᠨᠳᠦᠰᠦᠲᠡᠨ ᠪᠦᠬᠦᠨ ᠦ᠌ ᠪᠥᠮᠪᠥᠷᠴᠡᠭ ᠨᠢ ᠨᠢᠭᠡ
ᠥᠭᠰᠥᠵᠦ ᠬᠥᠭᠵᠢᠭᠦᠯᠬᠦ ᠶ᠋ᠢᠨ ᠬᠠᠷᠠᠯᠲᠠ ᠨᠢ ᠨᠢᠭᠡ
ᠦᠯᠢᠭᠡᠷ ᠲᠡᠦᠬᠡ ᠶ᠋ᠢᠨ ᠡᠭᠦᠰᠦᠯᠲᠡ ᠨᠢ ᠨᠢᠭᠡ
ᠥᠪᠯᠡᠵᠦ ᠬᠠᠳᠠᠭᠠᠯᠠᠬᠤ ᠶ᠋ᠢᠨ ᠵᠣᠷᠢᠯᠲᠠ ᠨᠢ ᠨᠢᠭᠡ
ᠳᠥᠷᠪᠡᠨ— ᠶᠠᠪᠤ
ᠮᠣᠩᠭᠣᠯ ᠭᠡᠳᠡᠭ ᠢ᠋ᠶ᠋ᠡᠨ ᠴᠡᠭᠡᠵᠢᠯᠡᠵᠦ ᠶᠠᠪᠤ
ᠮᠣᠩᠭᠣᠯ ᠬᠡᠯᠡ ᠪᠡᠨ ᠰᠤᠷᠴᠤ ᠶᠠᠪᠤ
ᠮᠣᠩᠭᠣᠯ ᠠᠷᠨᠨᠰᠢ ᠪᠠᠨ ᠡᠷᠬᠢᠮᠯᠡᠵᠦ ᠶᠠᠪᠤ
ᠮᠣᠩᠭᠣᠯ ᠰᠣᠶᠣᠯ ᠢ᠋ᠶ᠋ᠠᠨ ᠥᠪᠯᠡᠵᠦ ᠶᠠᠪᠤ
ᠳᠥᠷᠪᠡᠨ— ᠡᠷᠬᠢᠮ
ᠴᠡᠴᠡᠭ ᠢ᠋ ᠠᠷᠠᠴᠢᠯᠠᠬᠤ ᠳ᠋ᠤ᠌ ᠤᠰᠤ ᠡᠷᠬᠢᠮ
ᠴᠢᠬᠡᠴᠢ ᠶ᠋ᠢ ᠪᠠᠷᠢᠮᠲᠠᠯᠠᠬᠤ ᠳ᠋ᠤ᠌ ᠤᠬᠠᠮᠰᠠᠷ ᠡᠷᠬᠢᠮ
ᠬᠥᠮᠦᠨ ᠢ᠋ ᠦᠨᠡᠯᠡᠬᠦ ᠳ᠋ᠦ᠍ ᠴᠢᠳᠠᠪᠤᠷᠢ ᠨᠢ ᠡᠷᠬᠢᠮ
ᠬᠦᠰᠡᠯ ᠢ᠋ ᠪᠡᠶᠡᠯᠡᠭᠦᠯᠬᠦ ᠳ᠋ᠦ᠍ ᠬᠢᠬᠦ ᠨᠢ ᠡᠷᠬᠢᠮ
ᠳᠥᠷᠪᠡᠨ— ᠰᠠᠢᠨ
ᠦᠯᠢᠶᠡᠵᠦ ᠬᠥᠭᠡᠷᠭᠡᠳᠡᠬᠦ ᠪᠠᠭ᠎ᠠ ᠰᠠᠢᠨ
ᠦᠢᠯᠡ ᠶᠠᠪᠤᠳᠠᠯ ᠪᠣᠳᠠᠲᠠᠢ ᠰᠠᠢᠨ
ᠢᠳᠡᠵᠦ ᠡᠮᠦᠰᠬᠦ ᠭᠠᠮᠲᠠᠢ ᠰᠠᠢᠨ
ᠡᠳ᠋ᠯᠡᠬᠦ ᠪᠤᠶᠠᠨ ᠤᠳᠠᠭᠠᠨ ᠰᠠᠢᠨ
ᠳᠥᠷᠪᠡᠨ— ᠢᠷᠡᠪᠡᠯ
ᠣᠯᠠᠨ ᠢᠷᠡᠪᠡᠯ ᠴᠠᠢ ᠦᠭᠡᠢ
ᠣᠷᠣᠢ ᠢᠷᠡᠪᠡᠯ ᠵᠠᠢ ᠦᠭᠡᠢ
ᠣᠰᠣᠯᠳᠠᠵᠤ ᠢᠷᠡᠪᠡᠯ ᠰᠠᠭᠤᠳᠠᠯ ᠦᠭᠡᠢ
ᠣᠷᠬᠢᠵᠤ ᠢᠷᠡᠪᠡᠯ ᠬᠦᠨᠳᠦ ᠦᠭᠡᠢ
ᠳᠥᠷᠪᠡᠨ— ᠨᠢᠭᠡ
ᠠᠯᠲᠠᠨ ᠳᠡᠯᠡᠬᠡᠢ ᠶ᠋ᠢᠨ ᠠᠮᠢᠰᠬᠤᠯ ᠨᠢᠭᠡ
ᠠᠪᠤ ᠡᠵᠢ ᠶ᠋ᠢᠨ ᠡᠨᠡᠷᠢᠯ ᠨᠢᠭᠡ
ᠴᠡᠴᠡᠭ ᠨᠠᠪᠴᠢᠰ ᠤ᠋ᠨ ᠦᠨᠳᠦᠰᠦ ᠨᠢᠭᠡ
ᠴᠡᠷᠢᠭ ᠠᠷᠠᠳ ᠤ᠋ᠨ ᠰᠡᠳᠬᠢᠯ ᠨᠢᠭᠡ
ᠳᠥᠷᠪᠡᠨ— ᠶᠡᠬᠡ
ᠡᠷᠳᠡᠮ ᠮᠠᠭᠤᠲᠤ ᠶ᠋ᠢᠨ ᠶᠠᠩᠪᠠ ᠨᠢ ᠶᠡᠬᠡ
ᠢᠰᠡᠭᠡᠢ ᠤᠭᠤᠲᠠ ᠶ᠋ᠢᠨ ᠲᠣᠭᠣᠰᠣ ᠨᠢ ᠶᠡᠬᠡ
ᠡᠴᠡᠩᠬᠡᠢ ᠲᠡᠮᠡᠭᠡᠨ ᠦ᠌ ᠪᠠᠭᠠᠰᠤ ᠨᠢ ᠶᠡᠬᠡ
ᠡᠷᠭᠢᠭᠦᠦ ᠲᠡᠨᠡᠭ ᠦ᠋ᠨ ᠰᠦᠷ ᠨᠢ ᠶᠡᠬᠡ
ᠳᠥᠷᠪᠡᠨ— ᠴᠢᠮᠡᠭ
ᠣᠭᠲᠠᠷᠭᠤᠢ ᠶ᠋ᠢᠨ ᠴᠢᠮᠡᠭ ᠣᠳᠣᠨ ᠮᠡᠴᠢᠳ
ᠣᠷᠴᠢᠯᠠᠩ ᠤ᠋ᠨ ᠴᠢᠮᠡᠭ ᠠᠭᠤᠯᠠ ᠬᠠᠢᠷᠬᠠᠨ
ᠣᠶᠤᠨ ᠤ᠋ ᠴᠢᠮᠡᠭ ᠡᠷᠳᠡᠮ ᠮᠡᠳᠡᠯᠭᠡ
ᠥᠨᠢᠳᠡ ᠶ᠋ᠢᠨ ᠴᠢᠮᠡᠭ ᠠᠵᠢᠯ ᠬᠥᠳᠡᠯᠮᠦᠷᠢ
ᠳᠥᠷᠪᠡᠨ— ᠴᠥᠭᠡᠨ
ᠣᠢ ᠦᠭᠡᠢ ᠭᠠᠵᠠᠷ ᠵᠢᠭᠦᠷᠲᠡᠨ ᠴᠥᠭᠡᠨ
ᠣᠪᠣᠭ᠎ᠠ ᠥᠬᠡᠢ ᠭᠠᠵᠠᠷ ᠲᠠᠬᠢᠯᠭ᠎ᠠ ᠴᠥᠭᠡᠨ
ᠤᠰᠤ ᠦᠭᠡᠢ ᠭᠠᠵᠠᠷ ᠠᠮᠢᠲᠠᠨ ᠴᠥᠭᠡᠨ
ᠠᠭᠤᠯᠠ ᠦᠭᠡᠢ ᠭᠠᠵᠠᠷ ᠬᠠᠳᠠ ᠴᠥᠭᠡᠨ
ᠳᠥᠷᠪᠡᠨ— ᠬᠦᠴᠦᠨ ᠳ᠋ᠦ᠍
ᠣᠯᠣᠰᠣᠨ ᠳᠡᠭᠡᠰᠦ ᠤᠰᠤᠨ ᠤ᠋ ᠬᠦᠴᠦᠨ ᠳ᠋ᠦ᠍
ᠣᠯᠬᠤ ᠠᠮᠵᠢᠯᠲᠠ ᠲᠦᠮᠡᠨ ᠦ᠌ ᠬᠦᠴᠦᠨ ᠳ᠋ᠦ᠍
ᠤᠬᠠᠭᠠᠨ ᠰᠠᠨᠠᠭ᠎ᠠ ᠮᠡᠳᠡᠯᠭᠡ ᠶ᠋ᠢᠨ ᠬᠦᠴᠦᠨ ᠳ᠋ᠦ᠍
ᠣᠯᠵᠠ ᠠᠰᠢᠭ ᠬᠥᠳᠡᠯᠮᠦᠷᠢ ᠶ᠋ᠢᠨ ᠬᠦᠴᠦᠨ ᠳ᠋ᠦ᠍
ᠳᠥᠷᠪᠡᠨ— ᠪᠠᠢᠳᠠᠭ
ᠡᠪᠳᠡᠭᠳᠡᠭᠡ ᠦᠭᠡᠢ ᠪᠠᠢᠭᠠᠯᠢ ᠨᠣᠮᠢᠨ ᠪᠠᠢᠳᠠᠭ
ᠢᠳᠡᠭᠳᠡᠭᠡ ᠦᠭᠡᠢ ᠪᠡᠯᠴᠢᠭᠡᠷ ᠰᠣᠷᠭᠣᠭ ᠪᠠᠢᠳᠠᠭ
ᠬᠠᠢᠯᠤᠭᠳᠠᠭᠡ ᠦᠭᠡᠢ ᠬᠡᠯᠡ ᠬᠤᠷᠴᠠ ᠪᠠᠢᠳᠠᠭ
ᠬᠠᠯᠠᠭᠤᠯᠤᠭᠠ ᠦᠭᠡᠢ ᠲᠡᠮᠦᠷ ᠬᠠᠲᠠᠭᠤ ᠪᠠᠢᠳᠠᠭ
ᠳᠥᠷᠪᠡᠨ— ᠡᠷᠬᠢᠮᠯᠡ
ᠦᠰᠦᠭ ᠪᠢᠴᠢᠭ ᠢ᠋ᠶ᠋ᠡᠨ ᠭᠡᠪᠡᠯ ᠰᠤᠷᠬᠤ ᠶ᠋ᠢ ᠡᠷᠬᠢᠮᠯᠡ
ᠥᠪᠡᠷ ᠦ᠋ᠨ ᠪᠡᠶ᠎ᠡ ᠪᠡᠨ ᠭᠡᠪᠡᠯ ᠰᠢᠮᠳᠠᠬᠤ ᠶ᠋ᠢ ᠡᠷᠬᠢᠮᠯᠡ
ᠦᠦᠬᠡ ᠲᠡᠦᠬᠡ ᠪᠡᠨ ᠭᠡᠪᠡᠯ ᠰᠤᠳᠤᠯᠬᠤ ᠶ᠋ᠢ ᠡᠷᠬᠢᠮᠯᠡ
ᠦᠨᠳᠦᠰᠦᠲᠡᠨ ᠶᠠᠰᠤᠲᠠᠨ ᠢ᠋ᠶ᠋ᠠᠨ ᠭᠡᠪᠡᠯ ᠰᠣᠶᠣᠯ ᠢ᠋ᠶ᠋ᠠᠨ ᠡᠷᠬᠢᠮᠯᠡ
ᠳᠥᠷᠪᠡᠨ— ᠶᠠᠪᠤ
ᠳᠡᠷᠭᠡᠳᠡᠬᠢ ᠠᠵᠢᠯ ᠳ᠋ᠤ᠌ ᠲᠤᠷᠰᠢᠯᠭ᠎ᠠ ᠪᠣᠢ᠂ ᠬᠢᠵᠦ ᠶᠠᠪᠤ
ᠳᠡᠭᠡᠳᠦ ᠲᠩᠷᠢ ᠳ᠋ᠦ᠍ ᠬᠦᠴᠦᠨ ᠪᠣᠢ᠂ ᠰᠢᠲᠦᠵᠦ ᠶᠠᠪᠤ
ᠳᠡᠭᠡᠳᠦᠰ ᠦ᠋ᠨ ᠰᠤᠷᠭᠠᠯ ᠳ᠋ᠤ᠌ ᠦᠨᠡᠨ ᠪᠣᠢ᠂ ᠡᠷᠬᠢᠮᠯᠡᠵᠦ ᠶᠠᠪᠤ
ᠳᠡᠪᠲᠡᠷ ᠨᠣᠮ ᠳ᠋ᠤ᠌ ᠤᠬᠠᠭᠠᠨ ᠪᠣᠢ᠂ ᠰᠤᠷᠴᠤ ᠶᠠᠪᠤ
ᠳᠥᠷᠪᠡᠨ— ᠲᠥᠯᠥᠭᠡ
ᠥᠰᠬᠦ ᠶ᠋ᠢᠨ ᠲᠥᠯᠥᠭᠡ ᠪᠣᠳᠣᠨ ᠪᠠᠢᠵᠤ ᠤᠬᠠᠭ᠎ᠠ ᠣᠷᠣᠳᠠᠭ
ᠵᠢᠷᠭᠠᠯ ᠤ᠋ᠨ ᠲᠥᠯᠥᠭᠡ ᠵᠢᠳᠬᠦᠨ ᠪᠠᠢᠵᠤ ᠠᠮᠢᠳᠤᠷᠠᠯ ᠲᠠᠨᠢᠳᠠᠭ
ᠠᠴᠢᠷ ᠤ᠋ᠨ ᠲᠥᠯᠥᠭᠡ ᠰᠠᠨᠠᠨ ᠪᠠᠢᠵᠤ ᠠᠭᠰᠢᠷᠠᠭ᠎ᠠ ᠪᠣᠯᠳᠠᠭ
ᠠᠮᠢᠳᠤᠷᠠᠯ ᠤ᠋ᠨ ᠲᠥᠯᠥᠭᠡ ᠲᠡᠮᠡᠦᠯᠦᠨ ᠪᠠᠢᠵᠤ ᠨᠠᠰᠤ ᠡᠯᠡᠭᠡᠳᠡᠭ
ᠳᠥᠷᠪᠡᠨ— ᠭᠡᠵᠦ
ᠢᠲᠡᠭᠡᠯ ᠭᠡᠵᠦ ᠠᠭᠤᠯᠠ ᠶᠤᠮ ᠰᠢᠦ᠂ ᠪᠦᠦ ᠬᠥᠨᠳᠡ
ᠰᠡᠳᠬᠢᠯ ᠭᠡᠵᠦ ᠰᠦ ᠶᠤᠮ ᠰᠢᠦ᠂ ᠪᠦᠦ ᠡᠭᠡᠳᠡᠭᠡ
ᠨᠥᠬᠥᠷ ᠭᠡᠵᠦ ᠬᠥᠮᠦᠨ ᠶᠤᠮ ᠰᠢᠦ᠂ ᠪᠦᠦ ᠭᠣᠮᠣᠳᠠᠭ᠎ᠠ
ᠬᠠᠢᠷ᠎ᠠ ᠭᠡᠵᠦ ᠬᠠᠯᠠᠭᠤᠨ ᠶᠤᠮ ᠰᠢᠦ᠂ ᠪᠦᠦ ᠬᠦᠷᠦᠭᠡ
ᠳᠥᠷᠪᠡᠨ— ᠡᠷᠬᠢᠮ
ᠲᠥᠷᠥ ᠬᠦᠷᠦᠨ ᠳ᠋ᠦ᠍ ᠪᠦᠯᠬᠦᠮᠳᠡᠯ ᠡᠷᠬᠢᠮ
ᠤᠷᠤᠭᠰᠢ ᠲᠠᠪᠰᠢᠬᠤ ᠳ᠋ᠤ᠌ ᠴᠢᠷᠮᠠᠢᠯᠭ᠎ᠠ ᠡᠷᠬᠢᠮ
ᠴᠢᠨᠡᠭᠡᠯᠢᠭ ᠠᠮᠢᠳᠤᠷᠠᠬᠤ ᠳ᠋ᠤ᠌ ᠬᠥᠳᠡᠯᠮᠦᠷᠢ ᠡᠷᠬᠢᠮ
ᠴᠢᠬᠡᠴᠢ ᠶᠠᠪᠤᠬᠤ ᠳ᠋ᠤ᠌ ᠤᠬᠠᠮᠰᠠᠷ ᠡᠷᠬᠢᠮ
ᠳᠥᠷᠪᠡᠨ— ᠪᠠᠢᠭᠠᠳ
ᠮᠠᠭᠤ ᠲᠡᠮᠦᠷ ᠵᠢᠪᠢᠷᠡᠵᠦ ᠪᠠᠢᠭᠠᠳ ᠢᠳᠡᠭᠳᠡᠵᠦ ᠪᠠᠷᠠᠳᠠᠭ
ᠮᠠᠭᠤ ᠬᠥᠮᠦᠨ ᠡᠯᠳᠡᠪᠯᠡᠵᠦ ᠪᠠᠢᠭᠠᠳ ᠨᠡᠷ᠎ᠡ ᠪᠡᠨ ᠭᠤᠲᠤᠭᠠᠳᠠᠭ
ᠮᠠᠭᠤ ᠭᠠᠵᠠᠷ ᠬᠤᠵᠢᠷᠰᠢᠵᠤ ᠪᠠᠢᠭᠠᠳ ᠠᠲᠠᠷᠰᠢᠵᠤ ᠳᠠᠭᠤᠰᠳᠠᠭ
ᠮᠠᠭᠤ ᠮᠣᠳᠣ ᠢᠯᠵᠢᠷᠡᠵᠦ ᠪᠠᠢᠭᠠᠳ ᠬᠤᠪᠠᠬᠠᠢᠷᠠᠵᠤ ᠦᠬᠦᠳᠡᠭ
ᠳᠥᠷᠪᠡᠨ— ᠮᠡᠲᠦ
ᠥᠰᠬᠦ ᠶ᠋ᠢᠨ ᠵᠢᠷᠭᠠᠯ ᠥᠷᠯᠥᠭᠡ ᠪᠡᠷ ᠮᠠᠨᠳᠤᠬᠤ ᠨᠠᠷᠠᠨ ᠮᠡᠲᠦ
ᠥᠭᠡᠳᠡᠯᠡᠵᠦ ᠪᠠᠢᠭ᠎ᠠ ᠦᠢᠯᠡᠰ ᠰᠡᠬᠦᠢᠨ ᠰᠦᠨᠳᠡᠷᠯᠡᠬᠦ ᠬᠠᠢᠷᠬᠠᠨ ᠮᠡᠲᠦ
ᠡᠪᠲᠡᠢ ᠬᠣᠶᠠᠷ ᠤ᠋ᠨ ᠠᠮᠢᠳᠤᠷᠠᠯ ᠢᠳᠡᠬᠦ ᠪᠤᠳᠠᠭᠠᠨ ᠤ᠋ ᠰᠠᠪᠬ᠎ᠠ ᠮᠡᠲᠦ
ᠡᠯᠡᠭᠳᠡᠵᠦ ᠶᠠᠪᠤᠭ᠎ᠠ ᠨᠠᠰᠤ ᠠᠶᠠᠭ᠎ᠠ ᠴᠠᠢ ᠣᠭᠣᠴᠢᠬᠤ ᠮᠡᠲᠦ
ᠳᠥᠷᠪᠡᠨ— ᠳᠠᠯᠠᠢ
ᠠᠵᠢᠯ ᠬᠥᠳᠡᠯᠮᠦᠷᠢ ᠤᠬᠠᠭᠠᠨ ᠤ᠋ ᠳᠠᠯᠠᠢ
ᠠᠴᠢᠯᠠᠯ ᠵᠢᠷᠤᠮ ᠬᠠᠢᠷ᠎ᠠ ᠶ᠋ᠢᠨ ᠳᠠᠯᠠᠢ
ᠠᠭᠤᠤ ᠨᠠᠮ ᠲᠦᠰᠢᠭ ᠦ᠋ᠨ ᠳᠠᠯᠠᠢ
ᠠᠯᠲᠠᠨ ᠳᠡᠯᠡᠬᠡᠢ ᠡᠷᠳᠡᠨᠢ ᠶ᠋ᠢᠨ ᠳᠠᠯᠠᠢ
ᠳᠥᠷᠪᠡᠨ— ᠬᠣᠭᠣᠰᠣᠨ
ᠬᠦᠰᠡᠯ ᠪᠠᠢᠭᠠᠳ ᠵᠣᠷᠢᠭ ᠦᠭᠡᠢ ᠪᠣᠯ ᠦᠢᠯᠡᠰ ᠬᠣᠭᠣᠰᠣᠨ
ᠬᠥᠳᠡᠯᠮᠦᠷᠢ ᠪᠠᠢᠭᠠᠳ ᠪᠦᠲᠦᠭᠡᠯ ᠦᠭᠡᠢ ᠪᠣᠯ ᠰᠠᠨᠠᠭ᠎ᠠ ᠬᠣᠭᠣᠰᠣᠨ
ᠬᠣᠲᠠ ᠪᠠᠢᠭᠠᠳ ᠮᠠᠯ ᠦᠭᠡᠢ ᠪᠣᠯ ᠠᠢᠯ ᠬᠣᠭᠣᠰᠣᠨ
ᠬᠤᠷ᠎ᠠ ᠪᠠᠢᠭᠠᠳ ᠲᠠᠷᠢᠶ᠎ᠠ ᠦᠭᠡᠢ ᠪᠣᠯ ᠨᠠᠮᠤᠷ ᠬᠣᠭᠣᠰᠣᠨ
ᠳᠥᠷᠪᠡᠨ— ᠬᠦᠷᠬᠦ ᠦᠭᠡᠢ
ᠬᠥᠮᠦᠨ ᠲᠡᠨᠡᠭ ᠪᠣᠯ ᠮᠠᠯ ᠳ᠋ᠤ᠌ ᠬᠦᠷᠬᠦ ᠦᠭᠡᠢ
ᠬᠥᠨᠵᠢᠯᠡ ᠣᠬᠣᠷ ᠪᠣᠯ ᠳᠡᠪᠡᠯ ᠳ᠋ᠦ᠍ ᠬᠦᠷᠬᠦ ᠦᠭᠡᠢ
ᠬᠦᠰᠡᠯ ᠭᠠᠵᠢᠭᠤ ᠪᠣᠯ ᠪᠣᠳᠣᠬᠤ ᠶ᠋ᠢ ᠬᠦᠷᠬᠦ ᠦᠭᠡᠢ
ᠬᠥᠷᠥᠰᠥ ᠮᠠᠭᠤ ᠪᠣᠯ ᠡᠯᠡᠰᠦ ᠶ᠋ᠢ ᠬᠦᠷᠬᠦ ᠦᠭᠡᠢ
ᠳᠥᠷᠪᠡᠨ— ᠬᠡᠷᠡᠭ ᠲᠡᠢ
ᠬᠦᠵᠦᠭᠦᠨ ᠮᠢᠬ᠎ᠠ ᠶ᠋ᠢ ᠮᠥᠯᠵᠢᠬᠦ ᠳ᠋ᠦ᠍ ᠬᠢᠲᠤᠭ᠎ᠠ ᠬᠡᠷᠡᠭ ᠲᠡᠢ
ᠬᠥᠮᠦᠨ ᠦ᠌ ᠬᠥᠮᠦᠨ ᠢ᠋ ᠵᠠᠷᠤᠬᠤ ᠳ᠋ᠤ᠌ ᠬᠡᠯᠡᠯᠴᠡᠭᠡᠷ ᠬᠡᠷᠡᠭ ᠲᠡᠢ
ᠬᠥᠲᠥᠰᠦ ᠨᠥᠬᠥᠭᠡᠰᠦ ᠶ᠋ᠢ ᠬᠡᠷᠡᠭᠯᠡᠬᠦ ᠳ᠋ᠦ᠍ ᠬᠠᠢᠴᠢ ᠬᠡᠷᠡᠭ ᠲᠡᠢ
ᠬᠦᠷᠳᠦᠲᠦ ᠮᠠᠰᠢᠨ ᠢ᠋ ᠵᠢᠯᠣᠭᠣᠳᠬᠤ ᠳ᠋ᠤ᠌ ᠮᠡᠷᠭᠡᠵᠢᠯ ᠬᠡᠷᠡᠭ ᠲᠡᠢ
ᠳᠥᠷᠪᠡᠨ— ᠶᠠᠪᠤᠬᠤ
ᠬᠦᠰᠡᠯᠡᠩ ᠢ᠋ᠶ᠋ᠡᠨ ᠠᠯᠳᠠᠪᠠᠯ ᠤᠬᠤᠷᠢᠵᠤ ᠶᠠᠪᠤᠬᠤ
ᠬᠥᠯᠦᠭ ᠢ᠋ᠶ᠋ᠡᠨ ᠠᠯᠳᠠᠪᠠᠯ ᠶᠠᠪᠠᠭᠠᠨ ᠶᠠᠪᠤᠬᠤ
ᠬᠦᠨᠡᠰᠦ ᠪᠡᠨ ᠪᠠᠷᠠᠪᠠᠯ ᠬᠣᠭᠣᠰᠣᠨ ᠶᠠᠪᠤᠬᠤ
ᠬᠦᠨᠳᠦ ᠪᠡᠨ ᠪᠠᠷᠠᠪᠠᠯ ᠭᠠᠭᠴᠠᠭᠠᠷᠳᠠᠵᠤ ᠶᠠᠪᠤᠬᠤ
ᠦᠰᠦᠭ ᠠᠮᠢᠯᠠᠭᠤᠯᠤᠭᠴᠢ᠄ ᠵᠢᠩᠯᠢᠬᠤᠸᠠᠷ᠂ ᠢᠷᠡᠭᠡᠳᠦᠢ
