ᠡᠬᠡ ᠣᠷᠣᠨ ᠥᠲᠡᠯᠳᠡᠭ ᠦᠭᠡᠢ - ᠱ᠂ ᠭᠦᠷᠦᠪᠠᠽᠠᠷ Эх орон үдэлдэггүй - Ш᠂ Гүрбазар
ᠡᠬᠡ ᠣᠷᠣᠨ ᠥᠲᠡᠯᠳᠡᠭ ᠦᠭᠡᠢ
ᠮᠥᠩᠬᠡ ᠶ᠋ᠢᠨ ᠡᠷᠡᠭᠡᠯᠵᠡᠭᠡ ᠶ᠋ᠢ ᠲᠠᠢᠯᠤᠭᠰᠠᠨ
ᠱᠠᠳ ᠭᠠᠭᠴᠠ ᠶ᠋ᠢ ᠵᠣᠬᠢᠶᠠᠴᠢᠬᠠᠯᠠ ᠳᠠ᠂ ᠪᠢ
ᠮᠥᠬᠥᠯ ᠦᠭᠡᠢ ᠠᠯᠲᠠᠨ ᠲᠡᠭᠦᠰᠬᠡᠯ ᠲᠡᠢ
ᠦᠨᠡᠨ ᠭᠠᠭᠴᠠ ᠶ᠋ᠢ ᠣᠯᠴᠢᠬᠠᠯ᠎ᠠ ᠳᠠ᠂ ᠪᠢ
ᠡᠪᠦᠭᠡᠷᠡᠳᠡᠭ ᠦᠭᠡᠢ ᠲᠩᠷᠢ ᠶ᠋ᠢᠨ ᠳᠣᠣᠷ᠎ᠠ
ᠥᠲᠡᠯᠳᠡᠭ ᠦᠭᠡᠢ ᠭᠠᠵᠠᠷ ᠰᠢᠷᠣᠢ ᠲᠠᠢ ᠪᠠᠨ
ᠪᠤᠲᠠᠷᠠᠳᠠᠭ ᠡᠷᠬᠡᠰ ᠦ᠋ᠨ ᠳᠣᠣᠷ᠎ᠠ ᠴᠤ᠌
ᠪᠦᠲᠦᠨ ᠣᠷᠣᠰᠢᠬᠤ ᠭᠦᠷᠦᠨ ᠲᠡᠢ ᠳ᠋ᠡᠭᠡᠨ ᠣᠮᠣᠭᠰᠢᠶᠠ
ᠮᠥᠩᠬᠡ ᠶ᠋ᠢᠨ ᠦᠨᠡᠨ ᠦ᠌ ᠡᠷᠢᠯ ᠳ᠋ᠦ᠍
ᠬᠠᠲᠠᠭᠠᠳ ᠴᠤ᠌ ᠶᠠᠭᠠᠬᠢᠨ᠎ᠠ
ᠮᠣᠩᠭᠣᠯ ᠮᠢᠨᠢ ᠪᠠᠢᠨ᠎ᠠ
ᠡᠷᠭᠢᠵᠦ ᠲᠥᠷᠥᠬᠦ ᠡᠴᠡ ᠡᠷᠡᠭᠡᠯᠵᠡᠭᠡᠳ ᠶᠠᠭᠠᠬᠢᠨ᠎ᠠ
ᠡᠬᠡ ᠣᠷᠣᠨ ᠮᠢᠨᠢ ᠥᠲᠡᠯᠬᠦ ᠦᠭᠡᠢ ᠶᠦᠮ ᠴᠢᠨᠢ᠃
ᠦᠰᠦᠭ ᠠᠮᠢᠯᠠᠭᠤᠯᠤᠭᠴᠢ᠄ ᠡᠩᠬᠡᠪᠠᠲᠤ
ᠦᠰᠦᠭ ᠬᠢᠨᠠᠭᠴᠢ᠄ ᠪᠠᠶᠠᠷᠴᠡᠴᠡᠭ
